ᠷᠤᠯᠭᠠᠷᠵᠠᠪ ᠬᠢᠭᠡᠳ ᠲᠡᠭᠦᠨ  ᠤ ᠵᠣᠬᠢᠶᠠᠯ ᠪᠦᠳᠦᠭᠡᠯ  ᠤᠨ ᠲᠣᠬᠠᠢ
ᠨᠡᠶᠢᠲᠡᠯᠡᠭᠰᠡᠨ ᠴᠠᠭ᠄
2009/9/29
        ᠷᠤᠯᠭᠠᠷᠵᠠᠪ᠂ ᠵᠤᠤ ᠤᠳᠠ ᠠᠶᠢᠮᠠᠭ ᠤᠨ ᠬᠡᠰᠢᠭᠲᠡᠨ ᠬᠤᠰᠢᠭᠤᠨ ᠤ ᠪᠠᠷᠠᠭᠤᠨ ᠠᠷᠤ ︵ᠳᠠᠷᠬᠠᠨ ᠨᠢᠭᠡᠲᠦᠯ︶᠎ ᠶᠢᠨ ᠨᠢᠭᠡᠨ ᠢᠵᠡᠭᠤᠷᠲᠠᠨ ᠤ ᠭᠡᠷ ᠲᠤ 1889 ᠤᠨ ᠤ ᠠᠷᠪᠠᠳᠤᠭᠠᠷ ᠰᠠᠷ᠎ᠠ ᠳᠤ ᠲᠦᠷᠦᠪᠡ᠃ ᠲᠡᠭᠦᠨ ᠤ ᠬᠢᠲᠠᠳ ᠨᠡᠷ᠎ᠡ ᠨᠢ ᠹᠦ᠋ ᠲᠢᠩ ᠭᠡᠳᠡᠭ᠃ ᠲᠡᠷᠡ ᠪᠠᠭ᠎ᠠ ᠨᠠᠰᠤᠨ ᠠᠴᠠ ᠪᠠᠨ ᠮᠤᠩᠭᠤᠯ᠂ ᠬᠢᠲᠡᠳ᠂ ᠮᠠᠨᠵᠤ ᠭᠤᠷᠪᠠᠨ ᠵᠦᠢᠯ ᠤᠨ ᠬᠡᠯᠡ ᠪᠢᠴᠢᠭ ᠢ ᠰᠤᠷᠴᠤ ᠡᠵᠡᠮᠰᠢᠵᠠᠢ᠃ ᠷᠤᠯᠭᠠᠷᠵᠠᠪ ᠢ ᠬᠤᠷᠢ ᠶᠢᠰᠦᠲᠡᠢ ᠳᠤᠨᠢ ᠬᠠᠭᠤᠴᠢᠨ ᠲᠤᠮᠳᠠᠳᠤ ᠤᠯᠤᠰ ᠤᠨ ᠵᠠᠰᠠᠭ ᠤᠨ ᠭᠠᠵᠠᠷ ᠠᠴᠠ ᠭᠦᠩ ᠡᠷᠭᠦᠮᠵᠢᠯᠡᠭᠰᠡᠨ ᠪᠤᠯᠪᠠᠴᠤ ᠲᠤᠬᠠᠢ ᠶᠢᠨ ᠬᠤᠰᠢᠭᠤᠨ ᠵᠠᠰᠠᠭ ᠪᠠᠬᠢᠵᠠᠶᠠᠭ᠎ᠠ ᠲᠠᠢ ᠡᠷᠬᠡ ᠪᠤᠯᠢᠶᠠᠯᠳᠤᠭᠠᠳ ᠲᠡᠶᠢᠯᠦᠭᠳᠡᠭᠰᠡᠨ ᠲᠤᠯᠠ ᠭᠠᠳᠠᠭᠰᠢ ᠭᠠᠷᠴᠤ᠂ ᠬᠠᠯᠬ᠎ᠠ ᠮᠤᠩᠭᠤᠯ ᠤᠨ ᠶᠡᠭᠡ ᠬᠦᠷᠢᠶ᠎ᠠ ᠳᠤ ᠬᠡᠳᠦᠨ ᠵᠢᠯ ᠰᠠᠭᠤᠪᠠ᠃ ᠲᠡᠨᠳᠡ ᠠᠴᠠ ᠪᠤᠴᠠᠵᠤ ᠢᠷᠡᠭᠡᠳ᠂ ᠮᠦᠭᠳᠡᠨ ᠬᠤᠲᠠᠨ ᠎ ᠳᠤ ᠵᠠᠩ ᠰᠢᠤᠸᠠᠢ ᠯᠢᠶᠠᠩ ᠤᠨ ᠳᠤᠤᠷ᠎ᠠ ᠰᠤᠯᠠ ᠵᠦᠪᠯᠡᠭᠴᠢ ᠪᠠᠷ ᠠᠵᠢᠯᠯᠠᠵᠠᠢ᠃ ᠡᠨᠡ ᠦᠶ᠎ᠡ᠂ ᠬᠤᠷᠴᠢᠨ ᠤ ᠬᠡᠰᠢᠩᠭᠡ᠂ ᠷᠠᠰᠢᠰᠡᠩᠬᠡ ᠨᠠᠷ ᠲᠠᠢ ᠬᠠᠮᠲᠤᠷᠠᠨ᠂ ᠪᠠᠳᠢᠷ ᠪᠠᠷᠢᠵᠤ ᠪᠡᠯᠡ ᠮᠦᠩᠭᠦ ᠴᠤᠭᠯᠠᠭᠤᠯᠤᠨ᠂ 1926 ᠤᠨ ᠳᠤ ᠵᠡᠭᠦᠨ ᠮᠤᠩᠭᠤᠯ ᠤᠨ ᠪᠢᠴᠢᠭ ᠤᠨ ᠬᠤᠷᠢᠶ᠎ᠠ ᠶᠢ ᠪᠠᠶᠢᠭᠤᠯᠤᠭᠰᠠᠨ ᠪᠠᠶᠢᠨ᠎ᠠ᠃ ᠲᠤᠰ ᠬᠤᠷᠢᠶ᠎ᠠ ᠦᠨᠳᠦᠰᠦᠲᠡᠨ ᠤ ᠤᠷᠴᠢᠨ ᠦᠶ᠎ᠡ ᠶᠢᠨ ᠰᠤᠶᠤᠯ ᠪᠤᠯᠪᠠᠰᠤᠷᠠᠯ ᠤᠨ ᠬᠥᠭᠵᠢᠯᠲᠡ ᠳᠤ ᠢᠳᠡᠪᠬᠢᠲᠡᠢ ᠦᠢᠯᠡᠳᠥᠯ ᠦᠵᠡᠭᠦᠯᠵᠤ᠂ ᠭᠤᠴᠢᠭᠠᠳ ᠵᠦᠢᠯ ᠤᠨ ᠮᠤᠩᠭᠤᠯ ᠨᠤᠮ ᠪᠢᠴᠢᠭ ᠬᠡᠪᠯᠡᠵᠡᠢ᠃ ᠡᠭᠦᠨ ᠳᠤ ︽ᠠᠩᠬᠠᠨ ᠰᠣᠷᠭᠠᠬᠤ ᠤᠯᠤᠰ ᠤᠨ ᠤᠳᠬ᠎ᠠ︾᠎ ᠶᠢᠨ ᠵᠢᠷᠭᠤᠭᠠᠨ ᠳᠡᠪᠲᠡᠷ ᠢ ᠷᠤᠯᠭᠠᠷᠵᠠᠪ ᠨᠠᠶᠢᠷᠠᠭᠤᠯᠵᠤ᠂ ︽ᠠᠴᠢᠯᠠᠯᠲᠤ ᠨᠤᠮ︾᠎ ᠢ ᠤᠷᠴᠢᠭᠤᠯᠤᠭᠰᠠᠨ ᠪᠠ ︽ᠯᠢᠶᠤᠤ ᠵᠠᠢ ᡁᠢ ᠢ ᠪᠢᠴᠢᠭ︾᠎ ᠢ ᠮᠠᠵᠤ ᠬᠡᠯᠡᠨ ᠠᠴᠠ ᠤᠷᠴᠢᠭᠤᠯᠬᠤ ᠳᠤ ᠤᠷᠤᠯᠴᠠᠵᠠᠢ᠃        1929 ᠤᠨ ᠳᠤ ᠷᠤᠯᠭᠠᠷᠵᠠᠪ ᠮᠦᠭᠳᠡᠨ ᠠᠴᠠ ᠬᠤᠰᠢᠭᠤᠨ ᠳᠠᠭᠠᠨ ᠪᠤᠴᠠᠵᠤ᠂ ᠪᠠᠬᠢᠵᠠᠶᠠᠭ᠎ᠠ ᠭᠦᠩ ᠢ ᠠᠵᠢᠯ ᠠᠴᠠ ᠨᠢ ᠪᠠᠭᠤᠯᠭᠠᠰᠠᠨ᠎ᠠ ᠤᠷᠤᠨ ᠳᠤᠨᠢ ᠵᠠᠰᠠᠭ ᠰᠠᠭᠤᠵᠤ᠂ ᠳᠠᠷᠠᠭ᠎ᠠ ᠪᠠᠷ ᠨᠢ ᠬᠠᠭᠤᠷᠮᠠᠭ ᠮᠠᠨᠵᠤ ᠤᠯᠤᠰ ᠤᠨ ᠬᠢᠩᠭᠠᠨ ᠪᠠᠷᠠᠭᠤᠨ ᠮᠤᠵᠢ ᠶᠢᠨ ᠳᠠᠷᠤᠭ᠎ᠠ ᠪᠤᠯᠪᠠ᠃ ᠲᠡᠷᠡ ᠡᠨᠡ ᠦᠶ᠎ᠡ ᠳᠤ ᠮᠤᠩᠭᠤᠯ ᠤᠳᠬ᠎ᠠ ᠶᠢᠨ ᠬᠤᠷᠠᠯ ᠳᠤ ᠤᠳᠤᠷᠢᠳᠬᠤ ᠪᠠᠭᠰᠢ ᠪᠠᠷ ᠤᠷᠢᠭᠳᠠᠵᠤ᠂ ︽ᠤᠯᠠᠭᠠᠨ ᠪᠠᠷᠰ︾ ᠰᠡᠳᠬᠦᠯ ᠢ ᠵᠠᠯᠠᠷᠠᠭᠤᠯᠤᠨ ᠬᠢᠨᠠᠵᠤ ᠪᠠᠶᠢᠭᠰᠠᠨ ᠪᠠ ᠲᠤᠮᠤ ᠬᠡᠮᠵᠢᠶᠡᠨ ᠤ ᠮᠤᠩᠭᠤᠯ ᠲᠤᠯᠢ ᠪᠢᠴᠢᠭ ᠨᠠᠶᠢᠷᠠᠭᠤᠯᠵᠤ ᠪᠠᠶᠢᠵᠠᠢ᠃ ᠲᠡᠭᠡᠭᠡᠳ ︽ᠪᠢ ᠮᠤᠵᠢ ᠶᠢᠨ ᠳᠠᠷᠤᠭ᠎ᠠ ᠶᠢᠨ ᠨᠡᠷ᠎ᠡ ᠶᠢ ᠬᠡᠢ ᠵᠡᠭᠦᠭᠡᠳ ᠬᠢᠬᠦ ᠠᠵᠢᠯ ᠦᠭᠡᠢ ᠲᠤᠯᠠ ᠲᠤᠯᠢ ᠨᠠᠶᠢᠷᠠᠭᠤᠯᠤᠨ ᠰᠠᠭᠤᠵᠤ ᠪᠠᠶᠢᠨ᠎ᠠ᠃ ᠡᠷᠬᠡ ᠮᠡᠳᠡᠯ ᠢ ᠪᠦᠷ ᠶᠠᠫᠤᠨ ᠨᠤᠶᠠᠳ ᠮᠡᠳᠡᠵᠤ ᠪᠠᠶᠢᠨ᠎ᠠ︾ ᠭᠡᠵᠤ ᠮᠠᠨᠤᠤᠯ ᠪᠤᠯᠤᠭᠰᠠᠨ ᠢᠶᠠᠨ ᠮᠡᠳᠡᠷᠡᠵᠤ ᠪᠠᠶᠢᠪᠠ᠃        ︽ᠠᠩᠬᠠᠨ ᠰᠤᠷᠭᠠᠬᠤ ᠤᠯᠤᠰ ᠤᠨ ᠤᠳᠬ᠎ᠠ︾᠎ ᠶᠢᠨ ᠲᠡᠷᠢᠭᠦᠨ ᠳᠡᠪᠲᠡᠷ ᠤᠨ ᠤᠷᠤᠰᠢᠯ ᠬᠢᠭᠡᠳ ᠭᠤᠷᠪᠠᠳᠤᠭᠠᠷ ᠳᠡᠪᠲᠡᠷ ᠵᠢᠷᠭᠤᠳᠤᠭᠠᠷ ᠳᠡᠪᠲᠡᠷ ᠤᠨ ᠲᠡᠭᠦᠰᠬᠡᠯ ᠳᠤ ︽ᠨᠡᠶᠢᠯᠡᠭᠦᠯᠦᠨ ᠵᠤᠬᠢᠶᠠᠭᠰᠠᠨ ᠠᠨᠤ᠂ ᠬᠡᠰᠢᠭᠲᠡᠨ ᠤ ᠷᠤᠯᠭᠠᠷᠵᠠᠪ᠃ ᠬᠢᠨᠠᠨ ᠲᠤᠭᠲᠠᠭᠠᠭᠰᠠᠨ ᠠᠨᠤ ᠬᠤᠷᠴᠢᠨ ᠤ ᠬᠡᠰᠢᠩᠭᠡ᠃ ᠳᠠᠷᠤᠮᠠᠯᠠᠨ ᠭᠠᠷᠭᠠᠭᠰᠠᠨ ᠠᠨᠤ ᠂ ᠵᠡᠭᠦᠨ ᠮᠤᠩᠭᠤᠯ ᠤᠨ ᠪᠢᠴᠢᠭ ᠤᠨ ᠬᠤᠷᠢᠶ᠎ᠠ︾ ᠭᠡᠵᠤ ᠲᠤᠳᠤᠷᠬᠠᠢ ᠳᠡᠮᠳᠡᠭᠯᠡᠭᠰᠡᠨ ᠠᠴᠠ ᠦᠵᠡᠪᠡᠯ ︽ᠠᠩᠬᠠᠨ ᠰᠤᠷᠭᠠᠬᠤ ᠤᠯᠤᠰ ᠤᠨ ᠤᠳᠬ᠎ᠠ︾᠎ ᠶᠢ ᠨᠠᠶᠢᠷᠠᠭᠤᠯᠤᠨ ᠵᠤᠬᠢᠶᠠᠭᠰᠠᠨ ᠨᠢ ᠷᠤᠯᠭᠠᠷᠵᠠᠪ ᠪᠠᠶᠢᠨ᠎ᠠ᠃ ᠷᠤᠯᠭᠠᠷᠵᠠᠪ ᠤᠨ ᠦᠵᠡᠯ ᠰᠠᠨᠠᠭᠠᠨ ᠤ ᠪᠠᠶᠢᠳᠠᠯ ᠢ ︽ᠵᠡᠭᠦᠨ ᠮᠤᠩᠭᠤᠯ ᠤᠨ ᠪᠢᠴᠢᠭ ᠤᠨ ᠬᠤᠷᠢᠶᠠᠨ ᠤ ᠮᠡᠳᠡᠭᠦᠯᠦᠯ︾᠂ ︽ᠠᠩᠬᠠᠨ ᠰᠤᠷᠭᠠᠬᠤ ᠤᠯᠤᠰ ᠤᠨ ᠤᠳᠬ᠎ᠠ︾᠎ ᠶᠢ ︽ᠨᠡᠶᠢᠯᠡᠭᠦᠯᠦᠨ ᠵᠤᠬᠢᠶᠠᠭᠰᠠᠨ ᠤᠳᠬ᠎ᠠ ᠰᠠᠨᠠᠭ᠎ᠠ ᠠᠨᠤ︾ ᠭᠡᠳᠡᠭ ᠤᠷᠤᠰᠢᠯ ᠪᠤᠯᠤᠨ ᠲᠤᠰ ᠰᠤᠷᠭᠠᠯ ᠪᠢᠴᠢᠭ ᠤᠳ ᠠᠴᠠ ᠤᠶᠢᠯᠭᠠᠵᠤ ᠪᠤᠯᠤᠨ᠎ᠠ᠃ ᠤᠷᠤᠰᠢᠯ ᠳᠤ ︽ᠤᠯᠤᠰ ᠤᠨ ᠠᠷᠠᠳ ᠤᠨ ᠮᠡᠳᠡᠯ ᠤᠬᠠᠭᠠᠨ ᠢ ᠰᠡᠩᠬᠡᠷᠡᠭᠦᠯᠦᠨ ᠨᠡᠭᠡᠭᠡᠭᠳᠡᠭᠦᠯᠬᠦ ᠶᠢ ᠵᠤᠷᠢᠯᠲᠠ ᠪᠤᠯᠭᠠᠭᠰᠠᠨ ᠤ ᠲᠤᠯᠠᠳᠠ᠂ ᠶᠤᠰᠤᠨ ᠡᠷᠳᠡᠮ ᠢ ᠬᠦᠨᠳᠦᠳᠬᠡᠬᠦ᠂ ᠤᠯᠤᠰ ᠢᠶᠠᠨ ᠬᠠᠶᠢᠷᠠᠯᠠᠬᠤ᠂ ᠤᠭᠰᠠᠭ᠎ᠠ ᠪᠠᠨ ᠬᠠᠮᠠᠭᠠᠯᠠᠬᠤ᠂ ᠠᠰᠢᠭ ᠢ ᠪᠠᠳᠠᠷᠠᠭᠤᠯᠬᠤ ᠵᠡᠷᠭᠡ ᠶᠢᠨ ᠶᠠᠪᠤᠳᠠᠯ ᠬᠢᠴᠢᠶᠠᠯ ᠢ ᠭᠠᠷᠭᠠᠨ ᠦᠭᠦᠯᠡᠯᠳᠦᠵᠦᠬᠦᠢ︾ ᠭᠡᠵᠤ ᠨᠡᠶᠢᠷᠠᠭᠤᠯᠤᠨ ᠵᠤᠬᠢᠶᠠᠭᠰᠠᠨ ᠵᠤᠷᠢᠯᠲᠠ ᠪᠠᠨ ᠬᠡᠯᠡᠵᠡᠢ᠃ ᠴᠢᠨᠠᠭᠰᠢᠲᠠ ︽ᠡᠨᠡ ᠪᠢᠴᠢᠭ ᠤᠨ ᠲᠤᠲᠤᠷᠠᠬᠢ ᠰᠤᠷᠭᠠᠬᠤ ᠬᠢᠴᠢᠶᠡᠯ ᠪᠤᠯᠪᠠᠰᠤ᠂ ᠲᠡᠭᠷᠢ ᠶᠢᠨ ᠤᠳᠬ᠎ᠠ᠂ ᠭᠠᠵᠠᠷ ᠤᠨ ᠵᠦᠢ᠂ ᠬᠦᠮᠦᠨ ᠤ ᠶᠠᠪᠤᠳᠠᠯ ᠤᠨ ᠵᠡᠷᠭᠡ ᠡᠩ ᠤᠨ ᠮᠡᠳᠡᠯ ᠪᠠ ᠵᠠᠰᠠᠭ ᠴᠠᠭᠠᠵᠠ ᠬᠠᠤᠯᠢ ᠳᠦᠷᠢᠮ᠂ ᠴᠡᠷᠢᠭ ᠠᠶᠠᠨ ᠳᠤᠷ ᠬᠦᠷᠲᠡᠯ᠎ᠡ᠂ ᠠᠯᠢᠪᠠ ᠤᠯᠤᠰ ᠤᠨ ᠠᠷᠠᠳ ᠤᠨ ᠮᠡᠳᠡᠪᠡᠰᠦ ᠵᠤᠬᠢᠬᠤ ᠶᠢ ᠢᠨᠤ ᠡᠰᠡ ᠪᠦᠷᠢᠳᠬᠡᠭᠰᠡᠨ ᠢᠶᠠᠷ ᠦᠭᠡᠢ︾ ᠭᠡᠵᠤ ᠰᠤᠷᠭᠠᠬᠤ ᠪᠢᠴᠢᠭ ᠤᠨ ᠠᠭᠤᠯᠭ᠎ᠠ ᠶᠢ ᠲᠤᠳᠤᠷᠬᠠᠶᠢᠯᠠᠭᠰᠠᠨᠨ ᠪᠠ ︽ᠤᠯᠤᠰ ᠠᠷᠠᠳ ᠤᠨ ᠪᠠᠭ᠎ᠠ ᠰᠤᠷᠭᠠᠭᠤᠯᠢ ᠪᠤᠯᠪᠠᠴᠤ᠂ ᠬᠦᠪᠡᠭᠦᠨ ᠦᠬᠢᠨ ᠢ ᠦᠯᠦ ᠢᠯᠭᠠᠬᠤ ᠶᠢᠨ ᠲᠤᠯᠠᠳᠠ᠂ ᠡᠨᠡ ᠪᠢᠴᠢᠭ ᠎ ᠲᠤᠷ ᠪᠠᠰᠠ ᠴᠦ ᠦᠬᠢᠳ ᠲᠤᠷ ᠰᠤᠷᠭᠠᠬᠤ ᠬᠢᠴᠢᠶᠠᠯ ᠢ ᠬᠠᠮᠲᠤ ᠤᠷᠤᠭᠤᠯᠵᠤ᠂ ᠬᠦᠪᠡᠭᠦᠨ ᠦᠬᠢᠨ ᠢ ᠬᠠᠮᠲᠤᠪᠡᠷ ᠰᠤᠷᠭᠠᠬᠤᠢ ᠳᠤᠷ ᠳᠦᠭᠦᠮ ᠪᠤᠯᠭᠠᠪᠠᠢ︾ ᠭᠡᠵᠤ ᠵᠤᠬᠢᠶᠠᠭᠴᠢ ᠦᠵᠡᠯᠲᠡ ᠪᠠᠨ ᠲᠤᠳᠤᠷᠬᠠᠶᠢᠯᠠᠭᠰᠠᠨ ᠪᠠᠶᠢᠨ᠎ᠠ᠃        ᠲᠤᠮᠳᠠᠳᠤ ᠢᠷᠭᠡᠨ ᠤᠯᠤᠰ ᠤᠨ ᠠᠷᠪᠠᠨ ᠲᠠᠪᠤᠳᠤᠭᠠᠷ ᠤᠨ ᠤ ︽ᠵᠡᠭᠦᠨ ᠮᠤᠩᠭᠤᠯ ᠤᠨ ᠪᠢᠴᠢᠭ ᠤᠨ ᠬᠤᠷᠢᠶ᠎ᠠ ᠶᠢᠨ ᠮᠡᠳᠡᠭᠦᠯᠦᠯ︾᠎ ᠳᠡᠭᠡᠨ᠄ ︽ᠡᠳᠦᠭᠡ ᠪᠤᠯᠪᠠᠰᠤ ᠡᠸᠦᠷᠦᠫ᠂ ᠠᠮᠧᠷᠢᠺᠠ ᠶᠢᠨ ᠤᠯᠠᠨ ᠤᠯᠤᠰ ᠴᠦᠮ ᠤᠯᠠᠮ ᠢᠶᠠᠷ ᠤᠳᠬ᠎ᠠ ᠭᠡᠭᠡᠭᠡᠨ ᠳᠤᠷ ᠰᠢᠨᠳᠠᠷᠠᠵᠤ᠂ ᠦᠪᠡᠷ ᠤᠨ ᠤᠭᠰᠠᠭ᠎ᠠ ᠠᠶᠢᠮᠠᠭ ᠤᠨ ᠤᠳᠬ᠎ᠠ ᠰᠤᠷᠤᠯᠭ᠎ᠠ ᠶᠢ ᠬᠦᠭᠵᠢᠭᠦᠯᠦᠨ ᠳᠡᠯᠭᠡᠷᠡᠭᠦᠯᠬᠦᠢ ᠶᠢ ᠦᠯᠦ ᠬᠢᠴᠢᠶᠡᠬᠦᠨ ᠪᠠᠷ ᠦᠭᠡᠢ᠃ ᠲᠡᠷᠡ ᠳᠡᠭᠡᠷ᠎ᠡ ᠤᠯᠠᠨ ᠬᠦᠴᠦᠷᠭᠡᠭ ᠤᠳ ᠬᠠᠷᠢᠯᠴᠠᠨ ᠢᠯᠡᠭᠦᠦ ᠪᠤᠯᠬᠤᠢ ᠶᠢ ᠲᠡᠮᠡᠴᠡᠬᠦ ᠡᠨᠡ ᠴᠠᠭ ᠳᠤᠷ ᠢᠮᠠᠭᠲᠠ ᠪᠢᠳᠡᠨ ᠤ ᠮᠤᠩᠭᠤᠯ ᠤᠭᠰᠠᠭᠠᠳᠠᠨ ᠤ ᠲᠡᠳᠦᠢ᠂ ᠬᠠᠷᠢᠨ ᠰᠤᠷᠤᠯᠭ᠎ᠠ ᠠᠰᠠᠭᠤᠯᠭ᠎ᠠ ᠭᠡᠭᠡᠭᠳᠡᠵᠤ᠂ ᠤᠬᠠᠭᠠᠨ ᠮᠡᠳᠡᠭᠡ ᠡᠰᠡ ᠨᠡᠭᠡᠭᠡᠭᠳᠡᠭᠰᠡᠨ ᠎ ᠤ ᠬᠠᠷᠠᠭ᠎ᠠ ᠪᠠᠷ᠂ ᠤᠭᠤᠭᠠᠳᠠ ᠡᠩᠬᠡ ᠰᠠᠮᠠᠭᠤᠨ ᠤ ᠪᠠᠶᠢᠳᠠᠯ ᠢ ᠦᠴᠦᠬᠡᠨ ᠴᠦ ᠤᠬᠠᠬᠤ ᠦᠭᠡᠢ ᠳᠤᠷ ᠬᠡᠷᠬᠢᠨ ᠪᠦᠭᠦᠳᠡ ᠨᠠᠶᠢᠷᠠᠮᠳᠠᠭᠰᠠᠨ ᠤᠯᠤᠰ ᠳᠤᠷ ᠭᠠᠷ ᠬᠦᠯ ᠤᠨ ᠮᠡᠲᠦ ᠲᠤᠰᠠ ᠪᠤᠯᠵᠤ᠂ ᠳᠠᠪᠤᠨ ᠤᠭᠰᠠᠭ᠎ᠠ ᠶᠢᠨ ᠲᠤᠲᠤᠷᠠᠬᠢ ᠨᠢᠭᠡᠨ ᠶᠡᠭᠡ ᠤᠭᠰᠠᠭ᠎ᠠ ᠪᠤᠯᠬᠤ ᠡᠷᠬᠡ ᠪᠦᠬᠦᠢ ᠪᠠᠨ ᠢᠯᠡᠳᠬᠡᠨ ᠴᠢᠳᠠᠮᠤᠢ︖︾ ᠭᠡᠵᠤ ᠲᠤᠬᠠᠢ ᠶᠢᠨ ᠦᠶ᠎ᠡ ᠶᠢᠨ ᠳᠡᠯᠡᠬᠡᠢ ᠬᠢᠭᠡᠳ ᠤᠯᠤᠰ᠂ ᠤᠭᠰᠠᠭ᠎ᠠ ᠶᠢᠨ ᠢᠶᠠᠨ ᠲᠤᠬᠠᠢ ᠦᠪᠡᠷ ᠤᠨ ᠦᠵᠡᠯᠲᠡ ᠪᠠᠨ ᠢᠯᠡᠳᠬᠡᠵᠤ᠂ ︽ᠨᠢᠭᠡᠨ ᠵᠤᠪᠬᠢᠰ ᠤᠨ ᠲᠡᠳᠦᠢ ᠭᠠᠵᠠᠷ ᠤᠨ ᠪᠢᠴᠢᠭ ᠤᠨ ᠰᠤᠷᠤᠯᠭ᠎ᠠ ᠳᠤᠷ ᠦᠴᠦᠬᠡᠨ ᠲᠤᠰᠠ ᠨᠡᠮᠡᠷᠢ ᠪᠤᠯᠬᠤ ᠪᠤᠢ ‍ᠶ᠎ᠠ︾ ᠭᠡᠵᠤ ᠵᠡᠭᠦᠨ ᠮᠤᠩᠭᠤᠯ ᠤᠨ ᠪᠢᠴᠢᠭ ᠤᠨ ᠬᠤᠷᠢᠶ᠎ᠠ ᠶᠢ ᠪᠠᠶᠢᠭᠤᠯᠬᠤ ᠵᠤᠷᠢᠯᠭ᠎ᠠ ᠪᠠᠨ ᠬᠡᠯᠡᠭᠰᠡᠨ ᠪᠠᠶᠢᠨ᠎ᠠ᠃        ᠪᠢᠳᠡ ᠡᠳᠡᠭᠡᠷ ᠤᠷᠤᠰᠢᠯ᠂ ᠮᠡᠳᠡᠭᠦᠯᠦᠯ ᠤᠳ ᠠᠴᠠ ᠦᠵᠡᠪᠡᠯ᠂ ᠷᠤᠯᠭᠠᠷᠵᠠᠪ ︽ᠤᠯᠤᠰ ᠢᠶᠠᠨ ᠬᠠᠶᠢᠷᠠᠯᠠᠵᠤ᠂ ᠤᠭᠰᠠᠭ᠎ᠠ ᠪᠠᠨ ᠬᠠᠮᠠᠭᠠᠯᠠᠵᠤ︾ ᠬᠦᠭᠵᠢᠭᠦᠯᠬᠦ ᠰᠠᠨᠠᠭᠠᠨ ᠤ ᠡᠭᠦᠳᠡᠨ ᠠᠴᠠ ︽ᠤᠯᠤᠰ ᠎ ᠤᠨ ᠠᠷᠠᠳ ᠤᠨ ᠮᠡᠳᠡᠯ ᠤᠬᠠᠭᠠᠨ ᠢ ᠰᠡᠩᠬᠡᠷᠡᠭᠦᠯᠦᠨ ᠨᠡᠭᠡᠭᠡᠭᠳᠡᠭᠦᠯᠬᠦ ᠶᠢ ᠵᠤᠷᠢᠯᠲᠠ ᠪᠤᠯᠭᠠᠵᠤ︾ ︽ᠪᠤᠷᠬᠠᠨ ᠪᠤᠯᠬᠤ ᠤᠳᠬ᠎ᠠ ᠴᠢᠨᠠᠷ ᠢ ᠮᠡᠳᠡᠵᠤ︾ ᠰᠡᠳᠬᠢᠯ ᠢᠶᠠᠨ ᠠᠨᠳᠤᠭᠤᠯᠬᠤ ᠪᠤᠰᠤ᠂ ︽ᠡᠭᠡᠨᠡᠭᠲᠡ ᠶᠢᠷᠲᠢᠨᠴᠤ ᠶᠢᠨ ᠶᠤᠰᠤᠨ ᠳᠤᠷ ᠨᠡᠪᠲᠡᠷᠡᠬᠦ︾᠎ ᠶᠢ ᠬᠦᠰᠡᠵᠤ᠂ ᠡᠷᠳᠡᠮ ᠮᠡᠳᠡᠯᠭᠡ ᠰᠤᠶᠤᠯ ᠰᠢᠨᠵᠢᠯᠡᠬᠦ ᠤᠬᠠᠭᠠᠨ ᠢ ᠰᠤᠷᠬᠤ ᠶᠢ ᠬᠦᠰᠡᠭᠰᠡᠨ ᠪᠠᠶᠢᠨ᠎ᠠ᠃ ᠲᠡᠷᠡ ᠮᠦᠨ ᠴᠦ ᠡᠷᠡᠭᠲᠡᠢ ᠡᠮᠡᠭᠲᠡᠢ ᠠᠳᠠᠯᠢ ᠳᠡᠭᠰᠢ ᠪᠤᠯᠬᠤ ᠶᠢ ᠬᠦᠰᠡᠵᠤ᠂ ᠡᠮᠡᠭᠲᠡᠶᠢᠴᠤᠳ ᠲᠤ ᠪᠢᠴᠢᠭ ᠡᠷᠳᠡᠮ ᠰᠤᠷᠭᠠᠬᠤ ᠶᠢ ᠵᠤᠷᠢᠭᠰᠠᠨ ᠠᠷᠠᠳᠴᠢᠯᠠᠯ ᠤᠨ ᠦᠵᠡᠯ ᠰᠠᠨᠠᠭ᠎ᠠ ᠲᠠᠢ ᠪᠦᠭᠡᠳ ᠬᠠᠭᠠᠰ ᠺᠤᠯᠤᠨᠢ᠂ ᠬᠠᠭᠠᠰ ᠹᠸᠤᠳᠠᠯ ᠎ ᠤᠨ ᠬᠠᠭᠤᠴᠢᠨ ᠲᠤᠮᠳᠠᠳᠤ ᠤᠯᠤᠰ ᠤᠨ ᠨᠡᠶᠢᠭᠡᠮ ᠰᠠᠮᠠᠭᠤᠷᠠᠵᠤ᠂ ᠴᠠᠭ ᠮᠠᠭᠤᠳᠠᠭᠰᠠᠨ ᠢ ᠦᠵᠡᠵᠤ ᠭᠠᠷᠤᠭᠠᠳ᠂ ᠪᠦᠭᠦᠳᠡ ᠨᠠᠶᠢᠷᠠᠮᠳᠤᠬᠤ ᠤᠯᠤᠰ ᠤᠨ ᠲᠦᠷᠢᠮ ᠢ ᠲᠠᠨᠢᠯᠴᠠᠭᠤᠯᠵᠤ᠂ ︽ᠡᠪ ᠬᠠᠮᠲᠤ ᠤᠯᠤᠰ ᠭᠡᠮᠡᠭᠴᠢ᠂ ᠠᠷᠠᠳ ᠢᠷᠭᠡᠨ ᠢᠶᠠᠷ ᠤᠯᠤᠰ ᠤᠨ ᠭᠤᠤᠯ ᠡᠵᠡᠨ ᠪᠤᠯᠭᠠᠮᠤᠢ᠂ ᠠᠯᠢᠪᠠ ᠵᠠᠰᠠᠭ ᠤᠨ ᠡᠷᠬᠡ ᠶᠢ ᠠᠷᠠᠳ ᠢᠷᠭᠡᠨ ᠦᠪᠡᠰᠦᠪᠡᠨ ᠰᠢᠳᠬᠡᠮᠤᠢ᠃ ᠲᠠᠶᠢᠨ ᠬᠦ ᠠᠷᠠᠳ ᠤᠨ ᠡᠷᠬᠡᠲᠤ ᠤᠯᠤᠰ ᠭᠡᠮᠡᠵᠦᠬᠦᠢ︾ ᠭᠡᠵᠤ ᠴᠠᠭ ᠦᠶ᠎ᠡ ᠶᠢᠨ ᠵᠤᠷᠢᠭ ᠰᠠᠨᠠᠭ᠎ᠠ ᠳᠤ ᠨᠡᠶᠢᠴᠡᠭᠰᠡᠨ ᠠᠷᠠᠳᠴᠢᠯᠠᠭᠰᠠᠨ ᠳᠠᠪᠰᠢᠯᠲᠤ ᠦᠵᠡᠯ ᠰᠠᠨᠠᠭ᠎ᠠ ᠪᠠᠨ ᠢᠯᠡᠳᠬᠡᠵᠤ ᠪᠠᠶᠢᠵᠠᠢ᠃        ᠷᠤᠯᠭᠠᠷᠵᠠᠪ 1941 ᠤᠨ ᠤ ᠨᠠᠢᠮᠠᠳᠤᠭᠠᠷ ᠰᠠᠷ᠎ᠠ ᠳᠤ ᠺᠠᠶᠢᠯᠤ ᠬᠤᠲᠠᠨ᠎ᠠ ᠲᠠᠪᠢᠨ ᠭᠤᠷᠪᠠᠨ ᠨᠠᠰᠤᠨ ᠳᠠᠭᠠᠨ ᠲᠦᠷᠭᠡᠨ ᠡᠪᠡᠳᠴᠢᠨ ᠢᠶᠠᠷ ᠨᠠᠰᠤ ᠨᠦᠭᠴᠢᠴᠠᠢ᠃ ᠡᠭᠦᠨ ᠳᠤ ᠬᠡᠰᠢᠩᠭᠡ ᠭᠤᠸᠠᠢ ︽ᠹᠦ᠋ ᠲᠢᠩ ᠠᠪᠤᠭᠠᠢ ᠳᠤᠷ ᠲᠠᠬᠢᠭᠰᠠᠨ ᠪᠢᠴᠢᠭ︾ ᠪᠢᠴᠢᠵᠠᠢ᠃ ᠲᠤᠰ ᠭᠠᠰᠢᠭᠤᠳᠠᠯ ᠤᠨ ᠪᠢᠴᠢᠭ ᠠᠴᠠ ᠷᠤᠯᠭᠠᠷᠵᠠᠪ ᠢ ᠨᠡᠯᠢᠶᠡᠳ ᠪᠦᠬᠦ ᠲᠠᠯ᠎ᠠ ᠪᠠᠷ ᠤᠶᠢᠯᠭᠠᠵᠤ ᠪᠤᠯᠬᠤ ᠶᠤᠮ᠃ ᠨᠦᠬᠦᠷ ᠡᠷᠳᠡᠨᠢᠳᠤᠭᠳᠤᠬᠤ᠄ ︽ᠷᠤᠯᠭᠠᠷᠵᠠᠪ ᠵᠡᠭᠦᠨ ᠮᠤᠩᠭᠤᠯ ᠤᠨ ᠪᠢᠴᠢᠭ ᠤᠨ ᠬᠤᠷᠢᠶᠠᠨ ᠳᠤ ᠠᠵᠢᠯᠯᠠᠵᠤ ᠪᠠᠶᠢᠬᠤ ᠳᠠᠭᠠᠨ ᠬᠡᠰᠢᠩᠭᠡ ᠨᠠᠷ ᠤᠨ ᠬᠠᠮᠲᠤ ᠮᠤᠩᠭᠤᠯ ᠦᠨᠳᠦᠰᠦᠲᠡᠨ ᠤ ᠰᠤᠶᠤᠯ ᠬᠦᠮᠦᠵᠢᠯ᠂ ᠬᠡᠪᠯᠡᠯ ᠤᠨ ᠠᠵᠢᠯ ᠤᠨ ᠲᠠᠯ᠎ᠠ ᠪᠠᠷ ᠨᠡᠯᠢᠶᠡᠳ ᠵᠢᠳᠬᠦᠯᠳᠡᠢ᠂ ᠡᠬᠡ ᠤᠷᠤᠨᠴᠢ ᠪᠦᠭᠡᠳ ᠰᠢᠯᠢᠳᠡᠭ ᠰᠠᠶᠢᠨ ᠵᠤᠬᠢᠶᠠᠯᠴᠢ᠂ ᠨᠠᠶᠢᠷᠠᠭᠤᠯᠤᠭᠴᠢ᠂ ᠤᠷᠴᠢᠭᠤᠯᠤᠭᠴᠢ ᠪᠠᠶᠢᠵᠠᠢ︾ ᠭᠡᠵᠤ ᠦᠨᠡᠯᠡᠭᠰᠡᠨ ᠪᠠᠶᠢᠨ᠎ᠠ᠃ ᠳᠡᠭᠡᠷᠡᠬᠢ ᠪᠠᠶᠢᠳᠠᠯ ᠤᠳ ᠠᠴᠠ ᠦᠵᠡᠪᠡᠯ᠂ ᠷᠤᠯᠭᠠᠷᠵᠠᠪ ᠪᠤᠯ ᠮᠠᠨ ᠤ ᠤᠯᠤᠰ ᠤᠨ ︽5.4︾᠎ ᠤ ᠬᠦᠳᠡᠯᠭᠡᠭᠡᠨ ᠤ ᠰᠢᠨ᠎ᠡ ᠠᠷᠠᠳᠴᠢᠯᠠᠭᠰᠠᠨ ᠬᠤᠪᠢᠰᠬᠠᠯ ᠤᠨ ᠨᠦᠯᠦᠭᠡ ᠶᠢ ᠵᠤᠬᠢᠬᠤ ᠬᠡᠮᠵᠢᠶᠡᠨ᠎ᠠ ᠬᠦᠷᠲᠡᠵᠤ᠂ ᠠᠷᠠᠳᠴᠢᠯᠠᠯ ᠰᠢᠨᠠᠴᠢᠯᠠᠯ᠂ ᠰᠤᠶᠤᠯ ᠰᠢᠨᠵᠢᠯᠡᠬᠦ ᠤᠬᠠᠭᠠᠨ ᠢ ᠬᠦᠰᠡᠵᠤ᠂ ᠤᠯᠤᠰ ᠦᠨᠳᠦᠰᠦᠲᠡᠨ ᠢᠶᠠᠨ ᠬᠦᠭᠵᠢᠭᠦᠯᠬᠦ ᠶᠢ ᠵᠤᠷᠢᠭᠰᠠᠨ ᠰᠡᠬᠡᠭᠡᠷᠡᠭᠴᠢ ᠪᠦᠭᠡᠳ ᠳᠠᠪᠰᠢᠯᠲᠤ ᠪᠢᠴᠢᠭ ᠤᠨ ᠬᠦᠮᠦᠨ ᠶᠤᠮ᠃ ᠲᠡᠷᠡ ᠵᠡᠭᠦᠨ ᠮᠤᠩᠭᠤᠯ ᠤᠨ ᠪᠢᠴᠢᠭ ᠤᠨ ᠬᠤᠷᠢᠶ᠎ᠠ ᠶᠢ ᠪᠠᠶᠢᠭᠤᠯᠵᠤ᠂ ᠮᠤᠩᠭᠤᠯ ᠤᠳᠬ᠎ᠠ ᠶᠢᠨ ᠰᠤᠷᠭᠠᠯ ᠤᠨ ᠬᠤᠷᠠᠯ ᠳᠤ ᠬᠠᠪᠰᠤᠷᠤᠨ ᠠᠵᠢᠯᠯᠠᠵᠤ᠂ ᠮᠠᠨ ᠤ ᠤᠷᠴᠢᠨ ᠦᠶ᠎ᠡ ᠶᠢᠨ ᠰᠤᠶᠤᠯ ᠪᠤᠯᠪᠠᠰᠤᠷᠠᠯ ᠳᠤ ᠵᠢᠳᠬᠦᠯ ᠦᠵᠡᠭᠦᠯᠦᠭᠰᠡᠨ ᠢᠶᠠᠷ ᠪᠠᠷᠠᠬᠤ ᠦᠭᠡᠢ᠂ ᠰᠢᠯᠦᠭ ᠬᠢᠭᠡᠳ ᠪᠤᠰᠤᠳ ᠲᠦᠷᠦᠯ ᠤᠨ ᠵᠤᠬᠢᠶᠠᠯ ᠤᠳ ᠢ ᠪᠢᠴᠢᠵᠤ᠂ ᠰᠢᠨ᠎ᠡ ᠤᠷᠠᠨ ᠵᠤᠬᠢᠶᠠᠯ ᠎ ᠳᠤ ᠬᠤᠪᠢ ᠨᠡᠮᠡᠷᠢ ᠤᠷᠤᠭᠤᠯᠵᠠᠢ᠃        ᠲᠡᠭᠦᠨ ᠤ ᠡᠬᠡ ᠨᠤᠲᠤᠭ ᠢᠶᠠᠨ ᠪᠠᠭ᠋ᠠᠷᠴᠤ᠂ ᠡᠳ᠋ ᠪᠠᠶᠠᠯᠢᠭ᠂ ᠠᠭᠤᠯᠠ ᠤᠰᠤ ᠪᠠᠨ ᠲᠠᠨᠢᠯᠴᠠᠭᠤᠯᠤᠭᠰᠠᠨ ᠵᠤᠬᠢᠶᠠᠯ ᠳᠤ ︽ᠪᠤᠷᠤ ᠲᠤᠬᠤᠢ︾᠂ ︽ᠬᠦᠬᠡ ᠨᠠᠭᠤᠷ︾᠂ ︽ᠰᠢᠷ᠎ᠠ ᠮᠦᠷᠡᠨ︾᠂ ︽ᠨᠤᠨ ᠮᠦᠷᠡᠨ︾᠂ ︽ᠵᠢᠷᠠᠨᠲᠠᠢ ᠳᠠᠪᠤᠰᠤᠨ ᠨᠠᠭᠤᠷ︾᠂ ︽ᠦᠵᠦᠮᠦᠴᠢᠨ ᠤ ᠳᠠᠪᠤᠰᠤᠨ ᠨᠠᠭᠤᠷ︾ ᠵᠡᠷᠭᠡ ᠨᠠᠶᠢᠷᠠᠭᠤᠯᠤᠯ ᠪᠠᠶᠢᠬᠤ ᠪᠦᠭᠡᠳ ᠵᠠᠩ ᠵᠠᠩᠰᠢᠯ ᠳᠤ ᠬᠤᠯᠪᠤᠭᠳᠠᠭᠰᠠᠨ ︽ᠮᠤᠩᠭᠤᠯ ᠭᠡᠷ︾᠂ ︽ᠬᠤᠨᠢᠨ ᠤ ᠦᠰᠦ︾ ᠵᠡᠷᠭᠡ ᠨᠠᠶᠢᠷᠠᠭᠤᠯᠤᠯ ᠪᠤᠢ᠃ ᠪᠠᠰᠠ ︽ᠪᠠᠭ᠎ᠠ ᠪᠢᠯᠵᠤᠤᠬᠠᠢ︾ ᠵᠡᠷᠭᠡ ᠬᠡᠤᠬᠡᠳ ᠤᠨ ᠦᠯᠢᠭᠡᠷ ᠠᠴᠠ ᠭᠠᠳᠠᠨ᠎ᠠ᠂ ︽ᠬᠠ ᠲᠤᠯᠤᠭᠠᠢ ᠬᠤᠯᠪᠤᠭᠰᠠᠨ ᠳᠠᠭᠤᠯᠠᠯ︾᠂ ︽ᠠᠯᠲᠠᠨ ᠤᠷᠢᠶᠠᠩᠭᠤ ᠴᠡᠴᠡᠭ︾᠂ ︽ᠬᠡᠷᠢᠶ᠎ᠠ ᠶᠢᠨ ᠳᠠᠭᠤᠤ︾ ᠵᠡᠷᠭᠡ ᠰᠢᠯᠦᠭ ᠤᠳ ᠢ ᠪᠢᠴᠢᠵᠠᠢ᠃ ᠨᠠᠶᠢᠷᠠᠭᠤᠯᠤᠯ ᠠᠴᠠ ᠨᠢ ︽ᠬᠦᠬᠡ ᠨᠠᠭᠤᠷ︾᠂ ︽ᠨᠤᠨ ᠮᠦᠷᠡᠨ︾᠂ ︽ᠦᠵᠦᠮᠦᠴᠢᠨ ᠤ ᠳᠠᠪᠤᠰᠤᠨ ᠨᠠᠭᠤᠷ︾᠂ ︽ᠮᠤᠩᠭᠤᠯ ᠭᠡᠷ︾ ᠵᠡᠷᠭᠡ ᠨᠢ ᠠᠮᠵᠢᠯᠳᠠ ᠲᠠᠢ ᠪᠤᠯᠪᠠ᠃        ︽ᠬᠦᠬᠡ ᠨᠠᠭᠤᠷ︾᠎ ᠢ ᠭᠠᠳᠠᠨ᠎ᠠ ᠠᠴᠠ ᠲᠤᠲᠤᠭᠰᠢ᠂ ᠶᠡᠭᠡ ᠠᠴᠠ ᠪᠠᠭᠠᠰᠬᠠᠬᠤ ᠠᠷᠭ᠎ᠠ ᠎ ᠪᠠᠷ ᠵᠤᠬᠢᠶᠠᠮᠵᠢᠯᠡᠵᠤ᠂ ᠬᠤᠷᠴᠠ ᠠᠪᠰᠠᠷᠬᠠᠨ᠂ ᠤᠨᠤᠪᠴᠢᠲᠠᠢ ᠲᠦᠷᠰᠦᠯᠢᠭ ᠬᠦᠦᠷᠨᠢᠨ ᠲᠤᠭᠠᠴᠢᠵᠠᠢ᠃ ᠵᠤᠬᠢᠶᠠᠯ ᠡᠬᠢᠯᠡᠮᠡᠭᠴᠡ᠄ ︽ᠬᠦᠬᠡ ᠨᠠᠭᠤᠷ ᠭᠡᠮᠡᠭᠴᠢ ᠲᠤᠭᠤᠷᠢᠨ ᠲᠠᠪᠤᠨ ᠵᠠᠭᠤᠨ ᠢᠯᠡᠭᠦᠦ ᠭᠠᠵᠠᠷ ᠪᠤᠢ᠃ ᠲᠦᠷᠪᠡᠨ ᠡᠳᠡᠭᠡᠳ ᠎ ᠲᠤᠷ ᠠᠭᠤᠯᠠ ᠬᠠᠳᠠ ᠬᠠᠪᠴᠢᠨ ᠵᠠᠯᠭᠠᠯᠳᠤᠵᠤ ᠦᠵᠡᠮᠵᠢ ᠪᠠᠶᠢᠳᠠᠯ ᠶᠡᠬᠡᠯ᠎ᠡ ᠰᠠᠶᠢᠬᠠᠨ᠃ ᠵᠤᠨ ᠨᠠᠮᠤᠷ ᠨᠠᠭᠤᠷ ᠤᠨ ᠤᠰᠤ ᠦᠷᠭᠦᠯᠵᠢ ᠪᠢᠯᠬᠠᠵᠤ ᠲᠦᠭᠦᠷᠦᠮᠤᠢ᠃ ᠤᠰᠤᠨ ᠳᠤᠷ ᠳᠠᠪᠤᠰᠤᠨ ᠤ ᠴᠢᠨᠠᠷ ᠲᠠᠢ᠂ ᠲᠦᠷᠪᠡᠨ ᠡᠳᠡᠭᠡᠳ ᠠᠴᠠ ᠴᠢᠳᠬᠤᠭᠰᠠᠨ ᠣᠰᠤ ᠠᠷᠪᠢᠨ ᠢᠯᠡᠭᠦᠦ ᠪᠤᠢ᠃ ᠲᠡᠭᠦᠨ ᠤ ᠶᠡᠭᠡ ᠠᠨᠤ ᠪᠤᠬ᠎ᠠ ᠶᠢᠨ ᠭᠤᠤᠯ ᠭᠡᠮᠡᠮᠤᠢ᠃ ᠨᠠᠭᠤᠷ ᠤᠨ ᠲᠤᠮᠳᠠ ᠬᠤᠶᠠᠷ ᠠᠷᠠᠯ ᠪᠤᠢ᠂ ᠵᠡᠭᠦᠨ ᠢ ᠬᠦᠢᠰᠦ ᠶᠢᠨ ᠲᠤᠯᠤᠭᠠᠢ ᠭᠡᠮᠡᠮᠤᠢ᠂ ᠪᠠᠷᠠᠭᠤᠨ ᠢ ᠴᠠᠭᠠᠨ ᠬᠠᠳᠠ ᠭᠡᠮᠡᠮᠤᠢ︾ ᠭᠡᠵᠤ ᠭᠠᠳᠠᠨ᠎ᠠ ᠠᠴᠠ ᠳᠤᠲᠤᠭᠰᠢᠯᠠᠭᠤᠯᠤᠨ ᠬᠤᠷᠢᠶᠠᠵᠤ ᠰᠢᠰᠲ᠋ᠧᠮ ᠲᠠᠢ ᠲᠤᠭᠠᠴᠠᠭᠰᠠᠨ ᠪᠠᠶᠢᠨ᠎ᠠ᠃ ᠡᠭᠦᠨ ᠳᠤ ᠤᠷᠢᠳᠠᠪᠠᠷ ᠬᠦᠬᠡ ᠨᠠᠭᠤᠷ ᠤᠨ ᠶᠡᠷᠦᠩᠭᠡᠢ ᠪᠠᠶᠢᠳᠠᠯ᠂ ᠲᠡᠭᠦᠨ ᠠᠴᠠ ᠪᠠᠨ ᠨᠠᠭᠤᠷ ᠳᠤᠲᠤᠷ᠎ᠠ ᠤᠷᠤᠵᠤ᠂ ᠨᠠᠭᠤᠷ ᠤᠨ ᠲᠤᠮᠳᠠ ᠠᠷᠠᠯ ᠪᠠᠶᠢᠳᠠᠭ᠂ ᠠᠷᠠᠯ ᠳᠡᠭᠡᠷ᠎ᠡ ᠡᠷᠳᠡᠨ ᠤ ᠰᠦᠮ᠎ᠡ ᠳᠤ ᠬᠤᠸᠠᠷᠠᠭ ᠤᠯᠠᠨ ᠰᠠᠭᠤᠳᠠᠭ ᠭᠡᠵᠤ ᠠᠯᠬᠤᠮ ᠠᠯᠬᠤᠮ ᠢᠶᠠᠷ ᠬᠤᠷᠢᠶᠠᠵᠤ᠂ ᠡᠴᠦᠰ ᠲᠤ ᠨᠠᠭᠤᠷ ᠤᠨ ᠳᠤᠲᠤᠷ᠎ᠠ ᠰᠤᠨᠢᠨ ᠵᠢᠭᠠᠰᠤ ᠲᠦᠷᠦᠮᠤᠢ᠃ ᠡᠨᠡ ᠢᠨᠤ ᠬᠦᠬᠡ ᠨᠠᠭᠤᠷ ᠤᠨ ᠤᠨᠴᠠᠭᠠᠢ ᠭᠠᠷᠤᠯᠲᠠ ᠪᠤᠯᠠᠢ ᠭᠡᠮᠡᠨ ᠲᠡᠭᠦᠰᠴᠠᠢ᠃ ᠲᠤᠰ ᠨᠠᠶᠢᠷᠠᠭᠤᠯᠤᠯ ᠤᠨ ᠵᠤᠬᠢᠶᠠᠮᠵᠢ ᠲᠤᠳᠤᠷᠬᠠᠢ᠂ ᠭᠤᠤᠯᠳᠠᠯᠭ᠎ᠠ ᠶᠢ ᠪᠠᠶᠢᠷᠢᠵᠤ᠂ ᠬᠤᠷᠴᠠ ᠠᠪᠰᠠᠷᠬᠠᠨ ᠲᠡᠮᠳᠡᠭᠯᠡᠨ ᠲᠤᠭᠠᠴᠢᠭᠰᠠᠨ ᠪᠠᠶᠢᠨ᠎ᠠ᠃        ︽ᠨᠤᠨ ᠮᠦᠷᠡᠨ︾ ᠭᠡᠳᠡᠭ ᠨᠠᠶᠢᠷᠠᠭᠤᠯᠤᠯ ᠢᠶᠠᠨ ᠤᠷᠤᠰᠬᠠᠯ ᠢ ᠳᠠᠭᠠᠭᠤᠯᠵᠤ᠂ ᠡᠬᠢᠨ ᠎ ᠠᠴᠠ ᠠᠳᠠᠭ ᠦᠭᠡᠳᠡ ᠰᠢᠪᠲᠤᠷᠤᠨ ᠲᠤᠭᠠᠴᠢᠵᠠᠢ᠃ ᠨᠤᠨ ᠮᠦᠷᠡᠨ ᠪᠤᠯ ᠬᠠᠷ᠎ᠠ ᠮᠦᠷᠡᠨ ᠤ ᠬᠢᠵᠠᠭᠠᠷ ᠲᠠᠬᠢ ᠢᠷᠠᠭᠤᠯ ᠭᠡᠮᠡᠬᠦ ᠠᠭᠤᠯᠠᠨ ᠠᠴᠠ ᠡᠬᠢ ᠠᠪᠤᠭᠠᠳ᠂ ᠵᠡᠭᠦᠨ ᠡᠮᠦᠨ᠎ᠡ ᠵᠦᠭ ᠤᠷᠤᠰᠤᠭᠰᠠᠭᠠᠷ᠂ ᠮᠡᠷᠭᠡᠨ ᠬᠤᠲᠠ ᠴᠢᠴᠢᠬᠠᠷ ᠬᠤᠲᠠᠨ ᠤ ᠪᠠᠷᠠᠭᠤᠨ ᠵᠠᠬ᠎ᠠ ᠪᠠᠷ ᠦᠩᠭᠡᠷᠡᠵᠤ᠂ ᠲᠦᠷᠪᠡᠳ ᠬᠤᠰᠢᠭᠤᠨ ᠤ ᠪᠠᠷᠠᠭᠤᠨ ᠵᠠᠬ᠎ᠠ᠂ ᠵᠠᠯᠠᠶᠢᠳ ᠬᠤᠰᠢᠭᠤᠨ ᠤ ᠵᠡᠭᠦᠨ ᠵᠠᠬ᠎ᠠ ᠪᠠᠷ ᠦᠩᠭᠡᠷᠡᠬᠦ ᠳᠤ ᠵᠦᠷ ᠵᠠᠷ ᠭᠡᠮᠡᠬᠦ ᠬᠤᠶᠠᠷ ᠭᠤᠤᠯ ᠯᠤᠭ᠎ᠠ ᠨᠡᠶᠢᠯᠡᠵᠤ᠂ ᠪᠠᠭ᠋ᠠᠨ ᠤᠷᠤᠰᠤᠮᠠᠭᠴᠠ ᠪᠠᠷᠠᠭᠤᠨ ᠠᠴᠠ ᠲᠤᠤᠷ ᠤᠨ ᠭᠤᠤᠯ ᠢᠷᠡᠵᠤ ᠨᠡᠶᠢᠯᠡᠵᠤᠬᠦᠢ ᠭᠡᠮᠡᠨ ᠤᠷᠤᠰᠬᠠᠯ ᠤᠨ ᠬᠢᠨᠢ ᠶᠠᠪᠤᠴᠠ ᠎ ᠪᠠᠷ ᠦᠭᠦᠯᠡᠨ ᠲᠤᠭᠠᠴᠢᠭᠰᠠᠨ ᠪᠠᠶᠢᠨ᠎ᠠ᠃ ᠨᠤᠨ ᠮᠦᠷᠡᠨ ᠤ ᠤᠷᠤᠰᠬᠠᠯ ᠤᠨ ᠶᠠᠪᠤᠴᠠ ᠳᠤ ᠭᠤᠤᠯ ᠭᠤᠷᠤᠬ᠎ᠠ ᠤᠯᠠᠨ ᠴᠢᠳᠬᠤ ᠤᠷᠤᠭᠰᠠᠨ ᠪᠤᠯᠪᠠᠴᠤ ᠵᠤᠬᠢᠶᠠᠭᠴᠢ ᠭᠤᠤᠯᠳᠠᠯᠭ᠎ᠠ ᠶᠢ ᠲᠤᠪᠤᠶᠢᠯᠭᠠᠵᠤ᠂ ᠲᠤᠤᠷ ᠤᠨ ᠭᠤᠤᠯ ᠢ ᠴᠢᠬᠤᠯᠠᠴᠢᠯᠠᠨ ᠲᠡᠮᠳᠡᠭᠯᠡᠭᠰᠡᠨ ᠢ ᠰᠡᠶᠢᠷᠡᠭᠦᠯᠪᠡᠯ᠄ ︽ᠲᠤᠤᠷ ᠤᠨ ᠭᠤᠤᠯ ᠭᠡᠮᠡᠭᠴᠢ ᠬᠤᠷᠴᠢᠨ ᠠᠶᠢᠮᠠᠭ ᠤᠨ ᠨᠢᠭᠡᠨ ᠶᠡᠭᠡ ᠭᠤᠤᠯ ᠪᠤᠯᠠᠢ᠃ ᠳᠡᠭᠡᠷ᠎ᠡ ᠡᠬᠢ ᠶᠢ ᠤᠯᠠᠨᠴᠠᠪ ᠤᠨ ᠭᠤᠤᠯ ᠭᠡᠮᠡᠮᠤᠢ᠃ ᠰᠤᠶᠤᠯᠵᠢ ᠶᠢᠨ ᠠᠭᠤᠯᠠᠨ ᠤ ᠵᠡᠭᠦᠨ ᠢᠷᠦᠭᠠᠷ ᠠᠴᠠ ᠭᠠᠷᠴᠤᠬᠤᠢ᠃ ᠵᠡᠭᠦᠨ ᠡᠮᠦᠨ᠎ᠡ ᠵᠦᠭ ᠤᠷᠤᠰᠴᠤ᠂ ᠬᠤᠶᠠᠷ ᠬᠦᠪᠡᠭᠡᠨ ᠳᠠᠬᠢ ᠠᠷᠪᠠᠨ ᠬᠡᠳᠦᠨ ᠪᠠᠭ᠎ᠠ ᠭᠤᠤᠯ ᠢ ᠬᠤᠷᠢᠶᠠᠨ ᠠᠪᠴᠤ᠂ ᠬᠦᠢᠯᠠᠷ ᠤᠨ ᠭᠤᠤᠯ ᠯᠤᠭ᠎ᠠ ᠨᠡᠶᠢᠯᠡᠭᠡᠳ᠂ ᠪᠠᠰᠠ ᠵᠡᠭᠦᠨ ᠵᠦᠭ ᠤᠷᠤᠰᠴᠤ ᠨᠤᠨ ᠮᠦᠷᠡᠨ ᠳᠤᠷ ᠴᠢᠳᠬᠤᠵᠤᠬᠤᠢ︾ ᠭᠡᠵᠤ ᠲᠡᠮᠳᠡᠭᠯᠡᠭᠰᠡᠨ ᠪᠠᠶᠢᠨ᠎ᠠ᠃ ᠵᠤᠬᠢᠶᠠᠭᠴᠢ ᠡᠨᠡ ᠮᠡᠲᠤ ᠡᠬᠡ ᠤᠯᠤᠰ ᠤᠨ ᠎ ᠢᠶᠠᠨ ᠠᠭᠤᠯᠠ ᠤᠰᠤ ᠶᠢ ᠬᠦᠦᠷᠨᠢᠨ ᠲᠤᠭᠠᠴᠢᠬᠤ ᠳᠠᠭᠠᠨ ᠰᠡᠳᠬᠢᠯᠭᠡ ᠬᠦᠳᠡᠯᠵᠤ᠂ ᠵᠤᠬᠢᠶᠠᠯ ᠤᠨ ᠲᠡᠭᠦᠰᠬᠡᠯ ᠳᠤ᠄ ︽ᠬᠠᠶᠢᠷᠠᠬᠠᠨ ᠪᠤᠯᠠᠢ᠂ ᠪᠢᠳᠡᠨ ᠤ ᠮᠤᠩᠭᠤᠯ ᠠᠯᠢᠪᠠ ᠤᠰᠤ ᠬᠠᠭᠤᠷᠠᠢ ᠶᠢᠨ ᠠᠰᠢᠭ ᠢ ᠪᠠᠳᠠᠷᠠᠭᠤᠯᠬᠤᠢ ᠶᠢ ᠦᠯᠦ ᠴᠢᠳᠠᠬᠤ ᠶᠢᠨ ᠲᠤᠯᠠ᠂ ᠡᠨᠡ ᠮᠡᠲᠤ ᠦᠪᠡᠰᠦᠪᠡᠨ ᠪᠤᠯᠤᠯᠴᠠᠭᠰᠠᠨ ᠶᠡᠭᠡ ᠠᠰᠢᠭ ᠪᠦᠬᠦᠢ ᠭᠠᠵᠠᠷ ᠢ ᠲᠠᠯᠠᠭᠠᠷ ᠬᠠᠶᠠᠵᠤᠬᠤᠢ᠃ ᠦᠨᠡᠬᠡᠷ ᠪᠤᠰᠤᠳ ᠤᠯᠤᠰ ᠯᠤᠭ᠎ᠠ ᠠᠳᠠᠯᠢ ᠨᠤᠷᠤᠭᠤᠪᠴᠢᠯᠠᠨ ᠦᠢᠯᠡᠳᠴᠤ ᠴᠢᠳᠠᠬᠤ ᠪᠤᠯᠪᠠᠰᠤ᠂ ᠪᠢᠳᠡᠨ ᠤ ᠳᠤᠲᠤᠭᠠᠳᠤ ᠮᠤᠩᠭᠤᠯ ᠤᠨ ᠰᠢᠷ᠎ᠠ ᠮᠦᠷᠡᠨ ᠨᠤᠨ ᠮᠦᠷᠡᠨ ᠡᠭᠡᠨᠡᠭᠲᠡ ᠤᠷᠲᠤ ᠮᠦᠷᠡᠨ᠂ ᠵᠦᠵᠢᠶᠠᠩ ᠮᠦᠷᠡᠨ ᠠᠴᠠ ᠪᠠᠭᠤᠷᠠᠢ ᠭᠡᠮᠡᠮᠤ ᠤᠤ︖︾ ᠭᠡᠵᠤ ᠤᠶᠠᠩᠭ᠎ᠠ ᠰᠢᠭᠦᠮᠵᠢ ᠬᠢᠭᠰᠡᠨ ᠪᠠᠶᠢᠨ᠎ᠠ᠃ ᠲᠤᠰ ᠨᠠᠶᠢᠷᠠᠭᠤᠯᠤᠯ ᠢ ᠤᠩᠰᠢᠬᠤ ᠳᠤ ᠨᠤᠨ ᠮᠦᠷᠡᠨ ᠢ ᠲᠠᠭᠠᠨ ᠠᠶᠠᠯᠠᠵᠤ ᠪᠠᠶᠢᠬᠤ ᠮᠡᠳᠦ ᠪᠤᠳᠠᠲᠤ ᠲᠦᠷᠦᠭᠳᠡᠯ ᠢ ᠦᠭᠬᠦ ᠪᠦᠭᠡᠳ ᠬᠦᠦᠷᠨᠢᠯ ᠲᠤᠭᠠᠴᠢᠯᠲᠠ ᠪᠠ ᠤᠶᠠᠩᠭ᠎ᠠ ᠰᠢᠭᠦᠮᠵᠢ ᠶᠢ ᠤᠶᠠᠯᠳᠤᠭᠤᠯᠤᠭᠰᠠᠨ ᠨᠢ ᠪᠤᠳᠤᠯᠬᠢᠯᠠᠯ ᠤᠨ ᠬᠦᠴᠦᠨ ᠢ ᠨᠡᠮᠡᠵᠤ᠂ ᠵᠤᠬᠢᠶᠠᠯ ᠤᠨ ᠵᠢᠯᠤᠭᠤ ᠶᠢ ᠠᠯᠤᠰ ᠲᠤ ᠰᠤᠩᠭᠤᠵᠠᠢ᠃         ᠡᠬᠡ ᠨᠤᠲᠤᠭ ᠤᠨ ᠢᠶᠠᠨ ᠡᠳ᠋ ᠪᠠᠶᠠᠯᠢᠭ ᠢ ᠲᠠᠨᠢᠯᠴᠠᠭᠤᠯᠤᠭᠰᠠᠨ ᠨᠠᠶᠢᠷᠠᠭᠤᠯᠤᠯ ᠠᠴᠠ ᠨᠢ ︽ᠦᠵᠤᠮᠤᠴᠢᠨ ᠤ ᠳᠠᠪᠤᠰᠤᠨ ᠨᠠᠭᠤᠷ︾ ᠰᠤᠨᠢᠷᠬᠠᠯᠲᠠᠢ ᠶᠤᠮ᠃ ᠲᠤᠰ ᠵᠤᠬᠢᠶᠠᠯ ᠳᠤ ᠤᠷᠢᠳ ᠢᠶᠠᠷ ᠳᠠᠪᠤᠰᠤ ᠬᠢᠭᠡᠳ ᠮᠤᠩᠭᠤᠯ ᠤᠷᠤᠨ ᠤ ᠳᠠᠪᠤᠰᠤᠨ ᠨᠠᠭᠤᠷ ᠢ ᠲᠦᠭᠦᠮ ᠳᠤᠷᠠᠳᠬᠤ ᠶᠢᠨ ᠳᠠᠭᠠᠤ ᠦᠵᠦᠮᠦᠴᠢᠨ ᠤ ᠳᠠᠪᠤᠰᠤᠨ ᠨᠠᠭᠤᠷ ᠢ ᠪᠢᠴᠢᠵᠤ᠂ ᠳᠠᠪᠤᠰᠤᠨ ᠤ ᠪᠤᠯᠪᠠᠰᠤᠷᠠᠯᠲᠠ ᠶᠢᠨ ᠶᠠᠪᠤᠴᠠ ᠪᠠᠷ ᠲᠡᠮᠳᠡᠭᠯᠡᠨ ᠲᠠᠨᠢᠯᠴᠠᠭᠤᠯᠤᠭᠰᠠᠨ ᠪᠠᠶᠢᠨ᠎ᠠ᠃ ᠵᠢᠱᠢᠶᠡᠯᠡᠪᠡᠯ᠄ ︽ᠦᠵᠦᠮᠦᠴᠢᠨ ᠤ ᠳᠠᠪᠤᠰᠤᠨ ᠨᠠᠭᠤᠷ ᠤᠨ ᠪᠠᠶᠢᠳᠠᠯ ᠠᠨᠤ ᠵᠡᠭᠦᠨᠰᠢ ᠪᠠᠷᠠᠭᠤᠨᠰᠢ ᠤᠷᠲᠤ᠂ ᠡᠮᠦᠨᠡᠰᠢ ᠬᠤᠶᠢᠰᠢ ᠨᠠᠷᠢᠨ᠂ ᠲᠤᠭᠤᠷᠢᠨ ᠵᠠᠭᠤᠨ ᠢᠯᠡᠭᠦᠦ ᠭᠠᠵᠠᠷ ᠪᠤᠢ ᠠᠮᠤᠢ᠃ ᠨᠠᠭᠤᠷ ᠤᠨ ᠤᠰᠤ ᠦᠷᠭᠦᠯᠵᠢ ᠳᠠᠪᠤᠰᠤᠨ ᠎ ᠤ ᠳᠡᠭᠡᠭᠦᠷ ᠨᠢᠭᠡ ᠳᠤᠬᠤᠢ ᠢᠯᠡᠭᠦᠦ ᠭᠠᠷᠤᠮᠤᠢ᠂ ᠳᠠᠪᠤᠰᠤᠨ ᠠᠨᠤ᠂ ᠤᠰᠤᠨ ᠤ ᠳᠤᠲᠤᠷ᠎ᠠ ᠠᠴᠠ ᠳᠡᠭᠡᠭᠰᠢ ᠤᠷᠭᠤᠮᠤᠢ᠂ ᠡᠳᠦᠷ ᠤᠳᠠᠪᠠᠰᠤ ᠳᠠᠪᠤᠰᠤ ᠤᠯᠠᠮ ᠵᠤᠵᠠᠭᠠᠨ ᠪᠤᠯᠤᠭᠠᠳ᠂ ᠳᠡᠭᠡᠭᠦᠷ ᠢᠨᠤ ᠦᠷᠦᠮ᠎ᠡ ᠮᠡᠲᠤ ᠳᠤᠭᠳᠠᠵᠤ᠂ ᠳᠤᠤᠷᠠᠬᠢ ᠠᠨᠤ ᠤᠰᠤᠨ ᠤ ᠳᠤᠲᠤᠷ᠎ᠠ ᠡᠯᠡᠰᠤ ᠮᠡᠲᠤ ᠲᠤᠨᠤᠮᠤᠢ᠃ ᠨᠢᠭᠡᠨ ᠡᠳᠦᠷ ᠮᠢᠩᠭᠠᠨ ᠳᠡᠷᠭᠡ ᠠᠪᠤᠪᠠᠴᠤ᠂ ᠬᠡᠳᠦᠨ ᠡᠳᠦᠷ ᠪᠤᠯᠪᠠᠴᠤ ᠮᠦᠨ ᠤᠭ ᠬᠡᠪ ᠢᠶᠠᠷ ᠤᠷᠭᠤᠵᠤ ᠲᠦᠭᠦᠷᠦᠮᠤᠢ᠃ ᠳᠠᠪᠤᠰᠤᠨ ᠢ ᠠᠪᠴᠤ ᠴᠠᠭ ᠲᠤᠷ ᠳᠡᠷᠭᠡ ᠪᠠᠨ ᠨᠠᠭᠤᠷ ᠤᠨ ᠲᠤᠲᠤᠷ᠎ᠠ ᠤᠷᠤᠭᠤᠯᠤᠭᠠᠳ᠂ ᠳᠡᠭᠡᠭᠦᠷᠢ ᠬᠠᠲᠠᠭᠤ ᠳᠠᠪᠤᠰᠤ ᠢ ᠳᠠᠷᠤᠢ ᠮᠦᠯᠰᠤ ᠳᠡᠭᠡᠭᠡᠬᠦ ᠮᠡᠲᠦ ᠲᠡᠭᠡᠭᠡᠮᠤᠢ᠃ ᠳᠤᠤᠷᠠᠬᠢ ᠨᠠᠷᠢᠨ ᠳᠠᠪᠤᠰᠤ ᠶᠢ ᠰᠠᠭᠰᠤ ᠳᠤᠷ ᠠᠬᠤᠭᠤᠯᠵᠤ ᠳᠡᠭᠡᠭᠡᠮᠤᠢ᠂ ᠳᠡᠭᠡᠭᠡᠭᠦᠢ ᠎ ᠳᠤᠷ ᠴᠦᠮ ᠲᠤᠰ ᠭᠠᠵᠠᠷ ᠤᠨ ᠬᠦᠮᠦᠨ ᠢ ᠦᠨᠡᠯᠡᠵᠤ ᠬᠡᠷᠡᠭᠯᠡᠮᠤᠢ︾ ᠬᠡᠵᠠᠢ᠃ ᠢᠩᠭᠢᠵᠤ ᠡᠬᠡ ᠨᠤᠲᠤᠭ ᠤᠨ ᠢᠶᠠᠨ ᠡᠬᠡ ᠪᠠᠶᠠᠯᠢᠭ ᠢ ᠪᠠᠭ᠋ᠠᠷᠤᠯ ᠤᠨ ᠰᠡᠳᠬᠢᠯᠭᠡ ᠪᠠᠷ ᠲᠠᠨᠢᠯᠴᠠᠭᠤᠯᠬᠤ ᠶᠢᠨ ᠬᠠᠮᠲᠤ ︽ᠤᠶᠢᠷ᠎ᠠ ᠶᠢᠨ ᠤᠯᠤᠰ ᠤᠨ ᠵᠠᠰᠠᠭ ᠎ ᠤᠨ ᠭᠠᠵᠠᠷ ᠠᠴᠠ ᠭᠠᠵᠠᠷ ᠭᠠᠵᠷ ᠲᠤᠷ ᠳᠠᠪᠤᠰᠤᠨ ᠭᠠᠶᠢᠯᠢ ᠪᠠᠶᠢᠭᠤᠯᠤᠨ᠂ ᠳᠠᠪᠤᠰᠤᠨ ᠨᠠᠭᠤᠷ ᠲᠤᠷ ᠴᠤ ᠬᠤᠷᠢᠶ᠎ᠠ ᠰᠠᠭᠤᠯᠭᠠᠵᠤ᠂ ᠭᠠᠶᠢᠯᠢ ᠠᠪᠴᠠᠭᠠᠬᠤ ᠲᠤᠯᠠᠳᠠ᠂ ᠳᠠᠪᠤᠰᠤᠨ ᠤ ᠠᠷᠠᠯᠵᠢᠭ᠎ᠠ ᠡᠭᠦᠨᠴᠡ ᠶᠡᠬᠡᠲᠡ ᠪᠠᠭᠤᠷᠠᠢ ᠪᠤᠯᠵᠤᠬᠤᠢ ︾ ᠭᠡᠵᠤ ᠲᠤᠬᠠᠢ ᠶᠢᠨ ᠴᠠᠭ ᠦᠶ᠎ᠡ ᠳᠤ ᠦᠪᠡᠷ ᠤᠨ ᠦᠵᠡᠯᠲᠡ ᠪᠠᠨ ᠳᠠᠯᠳᠠᠭᠤᠷ ᠢᠯᠡᠳᠬᠡᠵᠤ ᠪᠠᠶᠢᠵᠠᠢ᠃        ᠠᠮᠢᠳᠤᠷᠠᠯ ᠤᠨ ᠵᠠᠩᠰᠢᠯ ᠳᠤ ᠬᠤᠯᠪᠤᠭᠳᠠᠬᠤ ᠵᠤᠬᠢᠶᠠᠯ ᠠᠴᠠ ︽ᠬᠤᠨᠢᠨ ᠤ ᠦᠰᠦ︾ ᠎ ᠳᠤ ︽ᠪᠢᠳᠡ ᠮᠤᠩᠭᠤᠯᠴᠤᠳ ᠦᠨᠡᠬᠡᠷ ᠨᠡᠬᠡᠬᠦ ᠬᠡᠷᠡᠭ ᠢ ᠨᠢᠭᠳᠠᠯᠠᠨ ᠰᠤᠷᠴᠤ᠂ ᠦᠪᠡᠷ ᠤᠨ ᠡᠮᠦᠰᠬᠦ ᠵᠦᠢᠯ ᠢ ᠨᠡᠬᠡᠵᠤ ᠴᠢᠳᠠᠬᠤ ᠪᠤᠯᠪᠠᠰᠤ᠂ ᠠᠰᠢᠭ ᠤᠨ ᠡᠬᠢ ᠶᠢ ᠶᠠᠭᠤᠨᠳᠤ ᠭᠠᠳᠠᠭᠰᠢ ᠬᠠᠨᠳᠤᠭᠤᠯᠬᠤᠢ ᠳᠤᠷ ᠬᠦᠷᠬᠦ ᠠᠵᠠᠢ︕︾ ᠭᠡᠮᠡᠨ ᠰᠠᠨᠠᠭ᠎ᠠ ᠠᠯᠳᠠᠨ ᠲᠤᠭᠰᠢᠷᠠᠵᠤ᠂ ᠡᠳ᠋ ᠪᠠᠶᠠᠯᠢᠭ ᠢᠶᠠᠨ ᠦᠪᠡᠷᠲᠡᠭᠡᠨ ᠪᠤᠯᠪᠠᠰᠤᠷᠠᠭᠤᠯᠵᠤ᠂ ᠦᠨᠳᠦᠰᠦᠲᠡᠨ ᠎ ᠢᠶᠠᠨ ᠬᠦᠭᠵᠢᠭᠦᠯᠬᠦ ᠰᠠᠨᠠᠭ᠎ᠠ ᠪᠠᠨ ᠢᠯᠡᠳᠬᠡᠭᠰᠡᠨ ᠪᠠᠶᠢᠨ᠎ᠠ᠃ ︽ᠮᠤᠩᠭᠤᠯ ᠭᠡᠷ︾᠎ ᠲᠤ ᠮᠤᠩᠭᠤᠯ ᠦᠨᠳᠦᠰᠦᠲᠡᠨ ᠤ ᠎ ᠪᠠᠨ ᠵᠠᠩᠰᠢᠯ ᠬᠢᠭᠡᠳ ᠲᠡᠭᠦᠨ ᠤ ᠰᠢᠨ᠎ᠡ ᠬᠤᠪᠢᠷᠠᠯᠲᠠ ᠶᠢ ᠪᠤᠰᠤᠳᠴᠢ ᠪᠠᠷ ᠰᠤᠨᠢᠷᠬᠠᠯᠲᠠᠢ ᠲᠡᠮᠳᠡᠭᠯᠡᠵᠡᠢ᠃ ᠵᠤᠬᠢᠶᠠᠯ ᠎ ᠳᠤ᠄ ︽ᠮᠤᠩᠭᠤᠯ ᠭᠡᠷ ᠭᠡᠮᠡᠭᠴᠢ ᠪᠢᠳᠡᠨ ᠤ ᠮᠤᠩᠭᠤᠯ ᠤᠨ ᠢᠵᠠᠭᠤᠷ ᠠᠴᠠ ᠡᠭᠦᠳᠴᠦ ᠰᠠᠭᠤᠭᠰᠠᠨ ᠠᠨᠤ ᠪᠤᠶᠤ᠃ ᠪᠦᠬᠦ ᠪᠦᠮᠪᠦᠷᠴᠡᠭ ᠤᠨ ᠤᠯᠠᠨ ᠤᠯᠤᠰ ᠤᠨ ᠠᠯᠢᠨ ᠳᠤ ᠴᠦ ᠦᠭᠡᠢ ᠪᠦᠯᠦᠭᠡ᠃ ᠪᠢᠳᠡᠨ ᠤ ᠮᠤᠩᠭᠤᠯ ᠡᠷᠲᠡᠨ ᠠᠴᠠ ᠴᠦᠮ ᠠᠳᠤᠭᠤᠯᠤᠨ ᠠᠮᠢᠳᠤᠷᠠᠬᠤ ᠨᠡᠭᠦᠳᠡᠯ ᠤᠯᠤᠰ ᠮᠦᠨ ᠤ ᠲᠤᠯᠠ᠂ ᠲᠠᠶᠢᠨ ᠬᠦ ᠠᠵᠢᠯ ᠶᠠᠪᠤᠳᠠᠯ ᠳᠤᠷ ᠢᠯᠳᠠᠷ ᠢ ᠪᠤᠳᠤᠨ ᠦᠢᠯᠡᠳᠦᠭᠰᠡᠨ ᠢᠨᠤ ᠪᠣᠢ ‍ᠶ᠎ᠠ︾ ᠭᠡᠵᠤ ᠮᠤᠩᠭᠤᠯ ᠭᠡᠷ ᠪᠤᠯ ᠮᠤᠩᠭᠤᠯ ᠦᠨᠳᠦᠰᠦᠲᠡᠨ ᠤ ᠠᠮᠢᠳᠤᠷᠠᠯ ᠵᠠᠩᠰᠢᠯ ᠤᠨ ᠦᠪᠡᠷᠮᠢᠴᠡ ᠤᠨᠴᠠᠯᠢᠭ ᠪᠦᠬᠦᠢ ᠪᠦᠲᠦᠭᠡᠭᠳᠡᠭᠦᠨ ᠪᠤᠯᠬᠤ ᠶᠢ ᠲᠤᠳᠤᠷᠬᠠᠶᠢᠯᠠᠵᠠᠢ᠃ ᠲᠡᠭᠦᠨ ᠤ ᠰᠢᠨ᠎ᠡ ᠬᠤᠪᠢᠷᠠᠯᠲᠠ ᠶᠢ ᠡᠳᠦᠭᠡ ︽ᠡᠮᠦᠨ᠎ᠡ ᠭᠠᠵᠠᠷ ᠤᠨ ᠤᠯᠠᠨ ᠬᠤᠰᠢᠭᠤᠳ ᠤᠨ ᠮᠤᠩᠭᠤᠯᠴᠤᠳ᠂ ᠲᠠᠷᠢᠶᠠᠯᠠᠩ ᠦᠢᠯᠡᠳᠴᠤ ᠠᠮᠢᠳᠤᠷᠠᠬᠤ ᠶᠢᠨ ᠲᠤᠯᠠᠳᠠ ᠴᠦᠮ ᠪᠠᠶᠢᠰᠢᠩ ᠭᠡᠷ ᠢ ᠬᠡᠷᠡᠭᠯᠡᠮᠤᠢ᠃ ᠳᠠᠩ ᠭᠠᠭᠴᠠ ᠡᠮᠦᠨ᠎ᠡ ᠭᠠᠵᠠᠷ ᠎ ᠤᠨ ᠮᠤᠩᠭᠤᠯ ᠬᠤᠰᠢᠭᠤᠳ ᠲᠤᠷ ᠮᠤᠩᠭᠤᠯ ᠭᠡᠷ ᠬᠡᠷᠡᠭᠯᠡᠬᠦᠢ ᠪᠠᠨ ᠪᠠᠶᠢᠵᠤ ᠮᠠᠰᠢ ᠤᠳᠠᠭᠰᠠᠨ ᠤ ᠲᠤᠯᠠᠳᠠ᠂ ᠬᠤᠶᠢᠴᠢ ᠦᠶ᠎ᠡ ᠶᠢᠨ ᠬᠦᠮᠦᠨ ᠢᠨᠤ ᠮᠤᠩᠭᠤᠯ ᠭᠡᠷ ᠤᠨ ᠡᠭᠦᠳᠦᠭᠰᠡᠨ ᠠᠷᠭ᠎ᠠ ᠶᠢ ᠦᠯᠦ ᠮᠡᠳᠡᠬᠦ ᠪᠦᠭᠡᠳ ᠡᠷᠳᠡᠨ ᠎ ᠳᠤᠷ ᠲᠤᠷᠠᠲᠠᠢ ᠢᠨᠤ ᠦᠵᠡᠬᠦ ᠢ ᠬᠦᠰᠡᠮᠤᠢ᠃ ᠡᠳᠦᠭᠡᠬᠢ ᠶᠢ ᠪᠢᠰᠢᠷᠡᠭᠰᠡᠨ ᠢᠨᠤ ᠡᠯᠡᠭᠯᠡᠯ ᠪᠤᠯᠭᠠᠮᠤᠢ︾ ᠭᠡᠵᠤ ᠪᠤᠳᠠᠲᠤ ᠪᠠᠶᠢᠳᠠᠯ ᠢ ᠲᠦᠷᠰᠦᠯᠡᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号