| | ᠷᠤᠯᠭᠠᠷᠵᠠᠪ᠂ ᠬᠢᠳᠠᠳ ᠨᠡᠷ᠎ᠡ ᠹᠦ᠋ ᠲᠢᠩ ︵富亭) 1888 ᠤᠨ ᠤ 10 | ᠰᠠᠷ᠎ᠠ ᠳᠤ ᠵᠤᠤ ᠤᠳᠠ ᠴᠢᠭᠤᠯᠭᠠᠨ ᠤ ᠭᠡᠰᠢᠭᠳᠡᠨ ᠬᠤᠰᠢᠭᠤᠨ ᠤ ᠪᠠᠷᠠᠭᠤᠨ ᠠᠷᠤ ︵ᠤᠳᠦ ᠶᠢᠨ ᠲᠠᠷᠬᠠᠠᠠᠭᠤᠯᠠ | ᠰᠤᠮᠤ︶ ᠨᠤᠳᠤᠭ ᠤᠨ ᠪᠠᠬᠢᠳᠡᠢ ᠶᠢᠨ ᠭᠤᠤᠯ ᠤᠨ ᠪᠠᠷᠠᠭᠤᠨ ᠲᠡᠨᠵᠢᠨ ᠳᠤ᠂ ᠬᠦᠭᠡ ᠮᠤᠩᠭᠤᠯ ᠤᠨ ᠪᠠᠳᠤᠮᠦ᠋ᠩᠭᠡ | ᠲᠠᠶᠠᠨ ᠬᠠᠨ ᠤ ᠠᠷᠪᠠᠨ ᠲᠦᠷᠪᠡᠳᠦᠭᠡᠷ ᠦᠶ᠎ᠡ ᠶᠢᠨ ᠤᠮᠪᠤᠯ ᠪᠤᠯᠬᠤ ᠮᠠᠨᠢᠪᠠᠳᠠᠷᠠ ᠶᠢᠨ ᠤᠤᠭᠠᠨ ᠬᠦᠦ ᠪᠤᠯᠵᠦ | ᠵᠠᠶᠠᠭᠠᠵᠠᠢ᠃ ᠷᠤᠯᠭᠠᠷᠵᠠᠪ ᠠᠪᠤᠭᠠᠢ ᠪᠤᠯ ᠮᠤᠩᠭᠤᠯ ᠦᠨᠳᠦᠰᠦᠳᠡᠨ ᠤ ᠰᠤᠶᠤᠯ ᠭᠡᠭᠡᠷᠡᠯ ᠤᠨ ᠭᠠᠷᠮᠠᠭᠠᠢ ᠵᠢᠳᠬᠦᠯᠳᠡᠨ᠂ | ᠹᠸᠦᠳᠠᠯ ᠶᠤᠰᠤᠨ ᠳᠤ ᠦᠭᠡᠷᠡᠴᠢᠯᠡᠯᠳᠡ ᠬᠢᠭᠰᠡᠨ ᠠᠷᠠᠳᠴᠢᠯᠠᠭᠰᠠᠨ ᠦᠵᠡᠯᠳᠡᠨ᠂ ᠤᠯᠤᠰ ᠲᠦᠷᠦᠴᠢᠨ᠂ ᠲᠡᠦᠭᠡᠴᠢ | ᠂ ᠭᠡᠯᠡ ᠵᠦᠢᠴᠢ᠂ ᠵᠤᠬᠢᠶᠠᠯᠴᠢ᠂ ᠤᠷᠴᠢᠭᠤᠯᠤᠭᠴᠢ ᠮᠦᠷᠳᠡᠭᠡᠨ ᠰᠤᠷᠭᠠᠨ ᠬᠦᠮᠦᠵᠢᠯ ᠤᠨ ᠵᠢᠳᠬᠦᠯᠳᠡᠨ ᠶᠤᠮ᠃ | ᠲᠡᠷᠡ ᠮᠤᠩᠭᠤᠯ᠂ ᠬᠢᠳᠠᠳ᠂ ᠮᠠᠨᠵᠦ ᠭᠤᠷᠪᠠᠨ ᠭᠡᠯᠡ ᠮᠡᠳᠡᠳᠡᠭ ᠶᠡᠭᠡ ᠡᠷᠳᠡᠮᠳᠡᠢ ᠬᠦᠮᠦᠨ ᠪᠠᠶᠢᠵᠠᠢ᠃ | ᠷᠤᠯᠭᠠᠷᠵᠠᠪ ᠠᠪᠤᠭᠠᠢ ᠶᠢᠨ ᠬᠤᠷᠢᠭᠠᠳ ᠨᠠᠰᠤᠳᠠᠢ ᠪᠠᠶᠢᠬᠤ ᠳᠤᠨᠢ ᠬᠠᠭᠤᠴᠢᠨ | ᠲᠣᠮᠳᠠᠳᠦ ᠤᠯᠤᠰ ᠤᠨ ᠵᠠᠰᠠᠭ ᠤᠨ ᠭᠠᠵᠠᠷ ᠠᠴᠠ ᠲᠡᠬᠦᠨ ᠢ ᠬᠦᠩ ᠡᠷᠬᠦᠮᠵᠢᠯᠡᠭᠰᠡᠨ ᠪᠤᠯᠪᠠᠴᠦ ᠭᠡᠰᠢᠭᠳᠡᠨ ᠤ ᠵᠠᠰᠠᠭ | ᠪᠠᠷᠢᠭᠴᠢ ᠨᠠᠮᠵᠢᠯ ᠬᠦᠩ ᠨᠠᠰᠦ ᠪᠠᠷᠠᠭᠰᠠᠨ ᠤ ᠲᠠᠷᠠᠭ᠎ᠠ ᠪᠠᠬᠢᠵᠢᠶᠠᠭᠠ ᠯᠤᠭ᠎ᠠ ᠵᠠᠰᠠᠭ ᠤᠨ ᠰᠠᠭᠤᠷᠢᠨ ᠪᠤᠯᠢᠶᠠᠯᠳᠤᠨ | ᠵᠦᠷᠢᠴᠡᠯ ᠡᠬᠦᠰᠦᠭᠰᠡᠨ ᠠᠴᠠ ᠪᠤᠯᠵᠦ ᠭᠡᠷ ᠠᠴᠠ ᠭᠠᠷᠴᠦ᠂ ᠭᠡᠰᠦᠨ ᠲᠡᠨᠦᠵᠦ ᠪᠠᠶᠢᠭᠠᠳ ᠬᠠᠯᠬ᠎ᠠ ᠮᠤᠩᠭᠤᠯ ᠤᠨ | ᠶᠡᠭᠡ ᠬᠦᠷᠢᠶ᠎ᠡ ︵ᠤᠳᠦ ᠶᠢᠨ ᠤᠯᠠᠭᠠᠨᠪᠠᠭᠠᠳᠤᠷ︶ ᠳᠤ ᠬᠦᠷᠴᠦ ᠤᠯᠠᠨ ᠠᠯᠳᠠᠷᠳᠦ ᠵᠤᠬᠢᠶᠠᠯᠴᠢ᠂ ᠡᠷᠳᠡᠮᠳᠡᠨ ᠲᠠᠢ | ᠤᠴᠠᠷᠠᠨ ᠲᠠᠨᠢᠯᠴᠠᠵᠦ᠂ ᠪᠠᠭᠰᠢ ᠪᠠᠷᠢᠨ ᠪᠢᠴᠢᠭ ᠡᠷᠳᠡᠮ ᠰᠤᠷᠴᠦ᠂ ᠬᠤᠯᠠ ᠶᠢ ᠬᠠᠷᠠᠵᠦ ᠶᠡᠭᠡ ᠶᠢ ᠦᠵᠡᠨ | ᠠᠷᠠᠳᠴᠢᠯᠠᠭᠰᠠᠨ ᠬᠤᠪᠢᠰᠬᠠᠯ ᠤᠨ ᠨᠦᠯᠦᠭᠡ ᠶᠢ ᠬᠦᠷᠳᠡᠵᠦ ᠡᠬᠢᠯᠡᠭᠰᠡᠨ ᠪᠠᠶᠢᠵᠠᠢ᠃ | ᠬᠠᠯᠬ᠎ᠠ ᠮᠤᠩᠭᠤᠯ ᠳᠤ ᠪᠠᠶᠢᠬᠤ ᠬᠤᠭᠤᠴᠠᠭᠠᠨ ᠳᠠᠬᠢ ᠷᠤᠯᠭᠠᠷᠵᠠᠪ ᠤᠨ ᠲᠤᠬᠠᠢ ᠭᠡᠰᠡᠭ | ᠪᠤᠰᠠᠭ ᠦᠢᠯᠡ ᠶᠠᠪᠤᠳᠠᠯ ᠤᠨ ᠲᠡᠮᠳᠡᠭᠯᠡᠯ ᠢ ᠮᠤᠩᠭᠤᠯ ᠤᠯᠤᠰ ᠤᠨ ᠲᠠᠩᠰᠠ ᠡᠪᠭᠡᠮᠡᠯ ᠤᠨ ᠭᠠᠵᠠᠷ ᠠᠴᠠ ᠶᠠᠫᠤᠨ ᠤ | ᠮᠤᠩᠭᠤᠯᠴᠢ ᠡᠷᠳᠡᠮᠳᠡᠨ ᠲᠠᠴᠢᠪᠠᠨᠠ ᠶᠤᠺᠤᠲ᠋ᠤ᠋ ᠠᠪᠤᠭᠠᠢ ᠤᠷᠴᠢᠮᠬᠠᠨ ᠤᠯᠵᠦ ᠠᠪᠤᠭᠰᠠᠨ ᠪᠠᠶᠢᠵᠠᠢ᠃ 2006 | ᠤᠨ ᠤ 7 ᠰᠠᠷ᠎ᠠ ᠳᠤ ᠪᠤᠯᠤᠭᠰᠠᠨ ᠶᠢᠰᠦᠳᠦᠭᠡᠷ ᠤᠳᠠᠭᠠᠨ ᠤ ᠤᠯᠠᠨ ᠤᠯᠤᠰ ᠤᠨ ᠮᠤᠩᠭᠤᠯ ᠰᠤᠳᠤᠯᠤᠯ ᠤᠨ ᠡᠷᠳᠡᠮ | ᠰᠢᠨᠵᠢᠯᠡᠭᠡᠨ ᠤ ᠬᠤᠷᠠᠯ ᠲᠡᠭᠡᠷ᠎ᠡ ᠶᠠᠫᠤᠨ ᠤ ᠮᠤᠩᠭᠤᠯᠴᠢ ᠡᠷᠳᠡᠮᠳᠡᠨ ᠲᠠᠴᠢᠪᠠᠨᠠ ᠶᠤᠺᠤᠲ᠋ᠤ᠋ ᠠᠪᠤᠭᠠᠢ ᠭᠡᠰᠢᠭᠳᠡᠨ ᠪᠠ | ᠷᠤᠯᠭᠠᠷᠵᠠᠪ ᠤᠨ ᠲᠤᠬᠠᠢ ᠦᠬᠦᠯᠡᠯ ᠲᠡᠪᠰᠢᠬᠦᠯᠵᠡᠢ᠃ ᠲᠤᠰ ᠬᠤᠷᠠᠯ ᠳᠤ ᠤᠷᠤᠯᠴᠠᠭᠰᠠᠨ ᠭᠡᠰᠢᠭᠳᠡᠨ ᠨᠤᠳᠤᠭ ᠲᠠᠢ | ᠡᠷᠳᠡᠮᠳᠡᠨ ᠰ᠊ · ᠪᠤᠶᠠᠨᠳᠠᠯᠠᠢ ᠲᠡᠬᠦᠨ ᠲᠠᠢ ᠲᠠᠨᠢᠯᠴᠠᠨ ᠮᠡᠳᠡᠯᠴᠡᠭᠰᠡᠨ ᠪᠠᠶᠢᠨ᠎ᠠ᠃ ᠲᠡᠭᠡᠭᠡᠳ ᠡᠨᠡ ᠵᠢᠯ ᠤᠨ 7 | ᠰᠠᠷ᠎ᠠ ᠳᠤ ᠲᠠᠴᠢᠪᠠᠨᠠ ᠶᠤᠺᠤᠲ᠋ᠤ᠋ ᠠᠪᠤᠭᠠᠢ ᠭᠡᠰᠢᠭᠳᠡᠨ ᠳᠤ ᠲᠤᠰᠬᠠᠶᠢᠯᠠᠨ ᠢᠷᠡᠵᠦ ᠪᠤᠶᠠᠨᠳᠡᠬᠦᠰ᠂ ᠤ᠊ · | ᠰᠡᠴᠡᠨᠪᠠᠭᠠᠳᠤᠷ᠂ ᠰᠡᠷᠡᠩᠨᠠᠳᠮᠢᠳ ᠵᠡᠷᠭᠡ ᠨᠦᠬᠦᠳ ᠲᠠᠢ ᠠᠭᠤᠯᠵᠠᠨ ᠶᠠᠷᠢᠯᠴᠠᠵᠦ᠂ ᠭᠡᠰᠢᠭᠳᠡᠨ ᠤ ᠲᠤᠬᠠᠢ ᠲᠤᠭᠤᠷᠢᠨ | ᠰᠤᠳᠤᠯᠤᠭᠰᠠᠨ ᠪᠠᠶᠢᠨ᠎ᠠ᠃ ᠢᠩᠬᠢᠭᠡᠳ ᠤ᠊ · ᠰᠡᠴᠡᠨᠪᠠᠭᠠᠳᠤᠷ ᠠᠪᠤᠭᠠᠢ ᠷᠤᠯᠭᠠᠷᠵᠠᠪ ᠤᠨ ᠬᠠᠯᠬ᠎ᠠ ᠮᠤᠩᠭᠤᠯ ᠳᠤ | ᠪᠠᠶᠢᠭᠰᠠᠨ ᠦᠶ᠎ᠡ ᠶᠢᠨ ᠵᠠᠷᠢᠮ ᠵᠦᠢᠯᠡᠰ ᠢ ᠠᠩᠬᠠᠷᠤᠨ ᠲᠡᠮᠳᠡᠭᠯᠡᠵᠦ ᠠᠪᠤᠭᠰᠠᠨ ᠪᠠᠶᠢᠨ᠎ᠠ᠃ ᠠᠳᠡ ᠲᠤᠷᠠᠳᠪᠠᠯ᠄ | 1912 ᠤᠨ ᠤ 8 ᠰᠠᠷ᠎ᠠ ᠳᠤ ᠷᠤᠯᠭᠠᠷᠵᠠᠪ ᠬᠠᠯᠬ᠎ᠠ ᠶᠢᠨ ᠶᠠᠮᠤᠨ ᠳᠤ ᠪᠢᠴᠢᠭ ᠡᠷᠬᠦᠵᠦ᠂ | ᠪᠠᠬᠢᠵᠢᠶᠠᠭᠠ ᠶᠢ ᠲᠦᠳᠦᠭᠡᠷ ᠵᠡᠷᠭᠡ ᠶᠢᠨ ᠲᠠᠶᠢᠵᠢ ᠠᠴᠠ ᠬᠤᠶᠠᠳᠤᠭᠠᠷ ᠵᠡᠷᠭᠡ ᠶᠢᠨ ᠲᠠᠶᠢᠵᠢ ᠲᠡᠪᠰᠢᠬᠦᠯᠦᠭᠰᠡᠨ | ᠶᠠᠪᠤᠳᠠᠯ ᠢ ᠰᠢᠬᠦᠮᠵᠢᠯᠡᠨ ᠵᠠᠭᠠᠯᠳᠤᠵᠠᠢ᠃ ᠲᠤᠳᠤᠭᠠᠳᠦ ᠶᠠᠮᠤᠨ ᠨᠢ ᠡᠨᠡᠬᠦ ᠪᠢᠴᠢᠭ ᠢ ᠵᠢᠪᠽᠤᠨᠳᠠᠮᠪᠠ ᠬᠤᠳᠤᠭᠳᠦ ᠳᠤ | ᠲᠤᠯᠢᠯᠠᠭᠤᠯᠬᠤ ᠪᠠᠷ ᠡᠷᠬᠦᠨ ᠲᠡᠪᠰᠢᠬᠦᠯᠦᠭᠰᠡᠨ ᠪᠠᠶᠢᠵᠠᠢ ︵ᠡᠨᠡᠬᠦ ᠭᠠᠷ ᠪᠢᠴᠢᠮᠡᠯ ᠢ ᠠᠷᠤ ᠳᠤ ᠲᠠᠭᠠᠯᠳᠤᠭᠤᠯᠪᠠ︶᠃ | 1916 ᠤᠨ ᠳᠤ ᠷᠤᠯᠭᠠᠷᠵᠠᠪ ᠤᠷᠤᠰ ᠮᠤᠩᠭᠤᠯ ᠤᠨ ᠬᠢᠯᠢ ᠶᠢᠨ ᠬᠢᠶᠠᠭᠳᠦ ᠭᠡᠰᠡᠨ | ᠭᠠᠵᠠᠷ ᠪᠠᠷᠭᠤ ᠶᠢᠨ ᠬᠠᠳᠠᠨ ᠪᠠᠭᠠᠳᠤᠷ ᠲᠠᠮᠳᠢᠨᠰᠦ᠋ᠷᠦᠩ ᠲᠠᠢ ᠬᠤᠶᠠᠭᠤᠯᠠ ᠬᠢᠯᠢ ᠬᠠᠮᠠᠭᠠᠯᠠᠵᠦ ᠪᠠᠶᠢᠭᠰᠠᠨ ᠢ | ᠲᠡᠮᠳᠡᠭᠯᠡᠵᠦ ᠪᠠᠶᠢᠨ᠎ᠠ᠃ | 1917 ᠤᠨ ᠳᠤ ᠷᠤᠯᠭᠠᠷᠵᠠᠪ ᠬᠠᠯᠬ᠎ᠠ ᠭᠤᠤᠯ ᠤᠨ ᠪᠠᠪᠤᠵᠠᠪ ᠤᠨ ᠴᠡᠷᠢᠭ ᠢ | ᠠᠪᠴᠢᠷᠠᠬᠤ ᠪᠠᠷ ᠶᠠᠪᠤᠭᠠᠳ ᠰᠤᠷᠠᠭ ᠦᠭᠡᠢ ᠪᠤᠯᠪᠠ ᠭᠡᠰᠡᠨ ᠲᠡᠮᠳᠡᠭᠯᠡᠯ ᠲᠠᠢ᠃ ᠲᠡᠭᠡᠭᠰᠡᠨ ᠴᠢᠨᠢ ᠬᠠᠷᠢᠨ ᠷᠤᠯᠭᠠᠷᠵᠠᠪ | ᠠᠪᠤᠭᠠᠢ ᠪᠠᠪᠤᠵᠠᠪ ᠤᠨ ᠴᠡᠷᠢᠭ ᠢ ᠲᠠᠭᠠᠭᠤᠯᠤᠨ ᠨᠤᠳᠤᠭ ᠲᠠᠭᠠᠨ ᠢᠷᠡᠵᠦ᠂ ᠪᠦᠭᠳᠦᠷ ᠬᠠᠷᠠᠭ᠎ᠠ ᠲᠠᠢ ᠯᠢᠶᠠᠨᠵᠸᠦ ᠫᠤᠤ | 500 ᠠᠪᠴᠢᠷᠠᠭᠠᠳ ᠬᠤᠰᠢᠭᠤ ᠴᠡᠷᠢᠭ ᠲᠠᠢ ᠨᠡᠶᠢᠯᠡᠵᠦ᠂ ᠲᠤᠬᠠᠢ ᠶᠢᠨ ᠦᠶ᠎ᠡ ᠳᠤ ᠰᠦᠮ᠎ᠡ ᠭᠡᠶᠢᠳ ᠢ ᠰᠦᠢᠳᠭᠡᠨ | ᠭᠠᠯᠳᠠᠵᠦ ᠶᠠᠪᠤᠭᠰᠠᠨ ᠬᠠᠷ᠎ᠠ ᠴᠡᠷᠢᠭ ᠢ ᠪᠠᠶᠢᠯᠳᠤᠨ ᠬᠦᠭᠡᠭᠡᠵᠦ᠂ ᠺᠠᠶᠢᠯᠤ ︵ᠬᠠᠯᠢᠭᠤᠳᠦ︶ ᠦᠩᠭᠡᠷᠡᠳᠡᠯ᠎ᠡ ᠪᠠᠶᠢᠯᠳᠤᠨ | ᠲᠠᠭᠤᠵᠦ ᠶᠡᠭᠡᠳᠡ ᠲᠡᠶᠢᠯᠦᠭᠰᠡᠨ ᠰᠤᠷᠠᠭ ᠲᠠᠢ ᠭᠡᠵᠦ ᠲᠡᠮᠳᠡᠭᠯᠡᠵᠦ ᠪᠠᠶᠢᠨ᠎ᠠ ᠭᠡᠨ᠎ᠡ᠃ | ᠷᠤᠯᠭᠠᠷᠵᠠᠪ ᠠᠪᠤᠭᠠᠢ ᠮᠤᠩᠭᠤᠯ ᠤᠯᠤᠰ ᠠᠴᠠ ᠪᠤᠴᠠᠵᠦ ᠢᠷᠡᠭᠰᠡᠨ ᠤ ᠲᠠᠷᠠᠭ᠎ᠠ ᠮᠦᠭᠳᠡᠨ ᠬᠤᠳᠠ ᠳᠤ ᠰᠠᠭᠤᠵᠦ | ᠵᠠᠩ ᠰᠢᠦᠸᠠᠢ ᠯᠢᠶᠠᠩ ᠤᠨ ᠲᠤᠤᠷ᠎ᠠ ᠰᠣᠯᠠ ᠵᠦᠪᠯᠡᠭᠴᠢ ᠪᠠᠷ ᠠᠵᠢᠯᠯᠠᠵᠦ ᠪᠠᠶᠢᠬᠤ ᠳᠠᠭᠠᠨ ᠬᠤᠷᠴᠢᠨ ᠤ ᠭᠡᠰᠢᠩᠭᠡ᠂ | ᠷᠠᠰᠢᠰᠡᠩᠭᠡ ᠵᠡᠷᠭᠡ ᠲᠠᠪᠰᠢᠭᠰᠠᠨ ᠰᠡᠭᠡᠭᠡᠳᠡᠳ ᠲᠠᠢ ᠬᠠᠮᠳᠦ ᠤᠯᠠᠨ ᠬᠤᠰᠢᠭᠤ ᠴᠢᠭᠤᠯᠭᠠᠨ ᠢᠶᠠᠷ ᠲᠤᠭᠤᠷᠢᠵᠦ ᠪᠠᠳᠢᠷ | ᠡᠷᠢᠵᠦ᠂ ᠮᠦᠩᠬᠦ ᠴᠤᠭᠯᠠᠭᠤᠯᠤᠨ 1926 ᠤᠨ ᠳᠤ ︽ᠵᠡᠬᠦᠨ ᠮᠤᠩᠭᠤᠯ ᠤᠨ ᠪᠢᠴᠢᠭ ᠤᠨ ᠬᠤᠷᠢᠶ᠎ᠠ︾ ᠶᠢ | ᠪᠠᠶᠢᠭᠤᠯᠵᠠᠢ᠃ ᠢᠩᠬᠢᠭᠡᠳ ᠤᠷᠢᠳ ᠬᠤᠵᠢᠳ ︽ᠰᠤᠪᠤᠳ ᠡᠷᠢᠭᠡ︾᠂ ︽ᠮᠤᠩᠭᠤᠯ ᠦᠰᠦᠭ ᠤᠨ ᠶᠤᠰᠤᠨ | ᠢ ᠲᠤᠳᠤᠳᠬᠠᠭᠴᠢ ᠲᠤᠯᠢ︾᠂ ︽ᠮᠤᠩᠭᠤᠯ ᠦᠰᠦᠭ ᠤᠨ ᠶᠤᠰᠤᠨ ᠢ ᠰᠠᠶᠢᠳᠦᠷ ᠨᠤᠮᠯᠠᠭᠰᠠᠨ | ᠭᠡᠯᠡ ᠴᠢᠮᠡᠭ︾᠂ ︽ᠬᠦᠩ ᠤᠨ ᠵᠤᠤ ᠶᠢᠨ ᠭᠡᠭᠡᠨ ᠤ ᠰᠤᠷᠭᠠᠯ︾᠂ ᠲᠡᠦᠭᠡ᠂ ᠭᠡᠯᠡ᠂ ᠤᠷᠠᠨ ᠵᠤᠬᠢᠶᠠᠯ ᠤᠨ ᠨᠤᠮ ᠢ | ᠭᠡᠪᠯᠡᠬᠦᠯᠦᠨ ᠲᠠᠷᠬᠠᠭᠠᠭᠰᠠᠨ ᠪᠠᠶᠢᠨ᠎ᠠ᠃ | ᠪᠢᠴᠢᠭ ᠤᠨ ᠬᠤᠷᠢᠶ᠎ᠠ ᠪᠠᠶᠢᠭᠤᠯᠤᠭᠰᠠᠨ ᠵᠤᠷᠢᠯᠭ᠎ᠠ ᠨᠢ ᠰᠢᠷ᠎ᠠ ᠶᠢᠨ ᠱᠠᠰᠢᠨ ᠤᠨ | ᠬᠤᠤᠷ ᠲᠤ ᠬᠦᠨ ᠠᠪᠳᠠᠭᠰᠠᠨ ᠮᠤᠩᠭᠤᠯᠴᠦᠳ ᠤᠨ ᠮᠡᠳᠡᠯ ᠤᠬᠠᠭᠠᠨ ᠢ ᠨᠡᠭᠡᠭᠡᠭᠳᠡᠬᠦᠯᠵᠦ᠂ ᠹᠸᠦᠳᠠᠯ ᠤᠨ | ᠬᠤᠴᠣᠷᠤᠩᠭᠤᠢ ᠪᠠᠯᠠᠷᠯᠢᠭ ᠪᠠᠶᠢᠳᠠᠯ ᠢ ᠦᠭᠡᠷᠡᠴᠢᠯᠡᠨ᠂ ᠦᠨᠳᠦᠰᠦᠳᠡᠨ ᠤ ᠤᠳᠬ᠎ᠠ ᠰᠤᠶᠤᠯ ᠢ ᠬᠦᠭᠵᠢᠬᠦᠯᠦᠨ | ᠪᠤᠰᠤᠳ ᠦᠨᠳᠦᠰᠦᠳᠡᠨ ᠠᠴᠠ ᠬᠤᠴᠤᠷᠭᠠᠬᠤ ᠦᠭᠡᠢ ᠭᠡᠵᠦ ᠴᠢᠷᠮᠠᠶᠢᠯᠭ᠎ᠠ ᠭᠠᠷᠭᠠᠭᠰᠠᠨ ᠨᠢ ᠢᠯᠡᠷᠭᠡᠢ᠃ | ᠡᠵᠡᠷᠭᠡᠭ ᠲᠦᠷᠢᠮᠡᠭᠡᠶᠢᠳᠡᠨ ᠪᠠ ᠹᠸᠦᠳᠠᠯ ᠢ ᠡᠰᠡᠷᠬᠦᠴᠡᠵᠦ᠂ ᠤᠯᠤᠰ | ᠦᠨᠳᠦᠰᠦᠳᠡᠨ ᠢᠶᠠᠨ ᠬᠠᠶᠢᠷᠠᠯᠠᠬᠤ᠂ ᠡᠷᠭᠡ ᠴᠢᠯᠦᠭᠡ ᠡᠷᠭᠡ ᠲᠡᠭᠰᠢ ᠪᠠᠶᠢᠬᠤ ᠶᠢ ᠡᠷᠬᠢᠮᠯᠡᠭᠰᠡᠨ ᠠᠷᠠᠳᠴᠢᠯᠠᠯᠳᠦ | ᠦᠵᠡᠯ ᠢ ᠲᠤᠰᠬᠠᠭᠰᠠᠨ ᠤᠷᠠᠨ ᠵᠤᠬᠢᠶᠠᠯ᠂ ᠭᠡᠯᠡ ᠪᠢᠴᠢᠭ᠂ ᠲᠡᠦᠭᠡ᠂ ᠭᠠᠵᠠᠷ ᠵᠦᠢ᠂ ᠶᠤᠰᠦ ᠮᠤᠷᠠᠯ᠂ ᠶᠡᠷᠦ ᠶᠢᠨ | ᠮᠡᠳᠡᠯᠭᠡ ᠬᠢᠭᠡᠳ ᠪᠠᠶᠢᠭᠠᠯᠢ ᠶᠢᠨ ᠰᠢᠨᠵᠢᠯᠡᠬᠦ ᠤᠬᠠᠭᠠᠨ ᠢ ᠬᠠᠮᠤᠷᠤᠭᠰᠠᠨ ᠰᠡᠩᠭᠡᠷᠡᠬᠦᠯᠬᠦ ᠰᠢᠨᠵᠢ ᠪᠦᠬᠦᠢ | ᠶᠡᠷᠦᠩᠭᠡᠶᠢᠯᠡᠭᠰᠡᠨ ᠴᠢᠨᠠᠷ ᠲᠠᠢ ᠬᠢᠴᠢᠶᠡᠯ ᠤᠨ ᠪᠢᠴᠢᠭ ︽ᠠᠩᠬᠠᠨ ᠰᠤᠷᠭᠠᠬᠤ ᠤᠯᠤᠰ ᠤᠨ ᠤᠳᠬ᠎ᠠ︾ ᠭᠡᠬᠦ ᠨᠤᠮ | ᠨᠠᠶᠢᠷᠠᠭᠤᠯᠤᠭᠰᠠᠨ ᠪᠠᠶᠢᠨ᠎ᠠ᠃ | ᠲᠤᠰ ᠨᠠᠢᠮᠠᠨ ᠲᠡᠪᠳᠡᠷ ᠬᠢᠴᠢᠶᠡᠯ ᠤᠨ ᠪᠢᠴᠢᠭ ᠢ ᠰᠢᠨᠵᠢᠨ ᠱᠦᠬᠦᠪᠡᠰᠦ ᠦᠨᠳᠦᠰᠦᠳᠡᠨ | ᠤᠭᠰᠠᠭᠠᠳᠠᠨ ᠤ ᠪᠠᠨ ᠦᠷᠨᠢᠨ ᠲᠡᠭᠵᠢᠷᠡᠬᠦ ᠶᠢᠨ ᠲᠦᠯᠦᠭᠡ᠂ ᠤᠶᠤᠨ ᠪᠢᠯᠢᠭ ᠢᠶᠠᠨ ᠨᠡᠭᠡᠭᠡᠭᠳᠡᠬᠦᠯᠵᠦ᠂ ᠤᠳᠬ᠎ᠠ | ᠰᠤᠶᠤᠯ ᠢ ᠡᠵᠡᠮᠰᠢᠬᠦ ᠶᠢᠨ ᠲᠦᠯᠦᠭᠡ᠂ ᠪᠠᠶᠢᠭᠠᠯᠢ ᠶᠢᠨ ᠡᠬᠢ ᠪᠠᠶᠠᠯᠢᠭ ᠢ ᠬᠠᠶᠢᠷᠠᠯᠠᠨ ᠬᠠᠮᠠᠭᠠᠯᠠᠬᠤ ᠶᠢᠨ | ᠲᠦᠯᠦᠭᠡ ᠬᠦᠮᠦᠨ ᠪᠤᠯᠤᠭᠰᠠᠳ ᠤᠨ ᠤᠭ ᠴᠢᠨᠠᠷ ᠢᠶᠠᠨ ᠰᠠᠬᠢᠬᠤ ᠪᠠ ᠡᠷᠭᠡ ᠲᠡᠭᠰᠢ᠂ ᠴᠢᠯᠦᠭᠡᠳᠦ | ᠠᠮᠢᠳᠤᠷᠠᠯ ᠢ ᠤᠬᠠᠭᠤᠯᠤᠭᠰᠠᠨ ᠠᠭᠤᠯᠭ᠎ᠠ ᠰᠠᠨᠠᠭ᠎ᠠ ᠬᠦᠨ ᠪᠠᠶᠢᠳᠠᠭ᠃ | ᠠᠳᠡ ᠬᠢᠴᠢᠶᠡᠯ ᠤᠨ ᠪᠢᠴᠢᠭ ᠲᠤᠳᠤᠷᠠᠬᠢ ᠭᠤᠷᠪᠠᠳᠤᠭᠠᠷ ᠲᠡᠪᠳᠡᠷ ᠤᠨ ᠭᠤᠴᠢᠨ | ᠲᠤᠯᠤᠳᠤᠭᠠᠷ ᠬᠢᠴᠢᠶᠡᠯ ᠠᠴᠠ ᠵᠢᠱᠢᠶ᠎ᠡ ᠲᠠᠳᠠᠪᠠᠯ᠄ | ︽ᠠᠭᠤᠯᠠᠨ ᠳᠤᠷ ᠪᠠᠷᠰ ᠪᠠᠶᠢᠵᠦ᠂ ᠬᠦᠮᠦᠨ ᠪᠠ ᠮᠠᠯ ᠢ ᠬᠤᠤᠷᠯᠠᠬᠤ ᠶᠢᠨ ᠲᠤᠯᠠ | ᠠᠩᠴᠢᠨ ᠠᠷᠠᠳ ᠪᠠᠷᠰ ᠢ ᠪᠠᠷᠢᠰᠤᠭᠠᠢ ᠭᠡᠮᠡᠨ ᠵᠤᠭᠤᠷᠢ ᠤᠬᠤᠵᠦ ᠪᠡᠯᠡᠳᠭᠡᠭᠡᠳ᠂ ᠭᠡᠷᠡᠮ ᠳᠤᠷ ︿ᠡᠬᠦᠨ ᠤ ᠲᠤᠤᠷ᠎ᠠ | ᠪᠠᠷᠰ ᠤᠨ ᠵᠤᠭᠤᠷᠢ ᠪᠤᠢ᠂ ᠶᠠᠪᠤᠬᠤ ᠬᠦᠮᠦᠨ ᠠᠯᠬᠤᠮ ᠢᠶᠠᠨ ᠵᠤᠭᠰᠦ︕﹀ ᠭᠡᠮᠡᠨ ᠶᠡᠭᠡ ᠦᠰᠦᠭ ᠢᠶᠠᠷ ᠪᠢᠴᠢᠪᠡᠢ᠃ | ᠦᠰᠦᠭ ᠦᠯᠦ ᠲᠠᠨᠢᠭᠴᠢ ᠨᠢᠭᠡᠨ ᠬᠦᠮᠦᠨ ᠭᠡᠷᠡᠮ ᠤᠨ ᠡᠩᠭᠡᠷ ᠢᠶᠠᠷ ᠲᠠᠭᠠᠷᠢᠨ ᠦᠩᠭᠡᠷᠡᠬᠦᠢ ᠳᠡᠭᠡᠨ ᠪᠢᠴᠢᠭ ᠢ | ᠬᠠᠶᠢᠬᠤᠷᠤᠭᠰᠠᠨ ᠦᠭᠡᠢ ᠲᠤᠯᠠ ᠭᠡᠨᠡᠳᠳᠡ ᠬᠦᠯ ᠠᠳᠡᠭᠳᠡᠵᠦ ᠵᠤᠭᠤᠷᠢ ᠳᠤᠷ ᠤᠨᠠᠭᠠᠳ ᠬᠦᠯ ᠢᠨᠦ ᠰᠢᠷᠠᠭᠳᠤᠵᠦ᠂ | ᠦᠨᠳᠦᠷ ᠲᠠᠭᠤᠨ ᠢᠶᠠᠷ ᠪᠠᠷᠬᠢᠷᠠᠬᠤᠶᠠ ᠤᠯᠠᠨ ᠬᠦᠮᠦᠨ ᠤᠳᠴᠦ᠂ ᠲᠠᠳᠠᠵᠦ ᠭᠠᠷᠭᠠᠭᠠᠳ ᠭᠡᠷᠡᠮ ᠲᠡᠭᠡᠷᠡᠬᠢ ᠪᠢᠴᠢᠭ ᠢ | ᠵᠢᠭᠠᠵᠦ ᠦᠵᠡᠬᠦᠯᠪᠡᠰᠦ ᠲᠡᠷᠡ ᠲᠠᠷᠤᠢ ᠰᠡᠬᠦᠷᠡᠰᠦᠨ ᠠᠯᠳᠠᠵᠦ ᠦᠬᠦᠯᠡᠷᠦᠨ᠄ ︿ᠪᠢ ᠭᠡᠷᠪᠡ ᠦᠰᠦᠭ ᠲᠠᠨᠢᠬᠤ | ᠪᠤᠯᠪᠠᠰᠦ᠂ ᠶᠠᠭᠤᠨᠢ ᠡᠶᠢᠮᠦ ᠳᠤᠷ ᠬᠦᠷᠬᠦ ᠠᠵᠢ﹀ ᠭᠡᠮᠡᠭᠡᠳ ᠲᠡᠬᠦᠨᠴᠡ ᠡᠬᠢᠯᠡᠨ ᠰᠢᠮᠳᠡᠨ ᠰᠤᠷᠴᠤᠬᠤᠢ︾ ᠭᠡᠵᠦ | ᠰᠤᠶᠤᠯ ᠮᠡᠳᠡᠯᠭᠡ ᠰᠤᠷᠬᠤ ᠶᠢᠨ ᠴᠢᠬᠤᠯᠠ ᠶᠤᠰᠦ ᠶᠢ ᠰᠡᠩᠭᠡᠷᠡᠬᠦᠯᠦᠨ ᠲᠠᠨᠢᠭᠤᠯᠤᠭᠰᠠᠨ ᠪᠠᠶᠢᠵᠠᠢ᠃ ᠷᠤᠯᠭᠠᠷᠵᠠᠪ ︽ | ᠠᠩᠬᠠᠨ ᠰᠤᠷᠭᠠᠬᠤ ᠤᠯᠤᠰ ᠤᠨ ᠤᠳᠬ᠎ᠠ︾ ᠶᠢ ᠨᠠᠶᠢᠷᠠᠭᠤᠯᠤᠨ ᠵᠤᠬᠢᠶᠠᠬᠤ ᠳᠠᠭᠠᠨ ᠮᠤᠩᠭᠤᠯ ᠦᠰᠦᠭ ᠵᠢᠭᠠᠬᠤ | ᠠᠷᠭ᠎ᠠ ᠶᠢ ᠴᠤ ᠰᠤᠳᠤᠯᠵᠠᠢ᠃ ᠦᠶ᠎ᠡ ᠪᠠᠷ ᠵᠠᠳᠠᠯᠬᠤ ᠠᠷᠭ᠎ᠠ ᠶᠢ ᠭᠡᠷᠡᠭᠯᠡᠵᠦ᠂ ᠰᠤᠷᠬᠤ ᠨᠠᠰᠤᠨ ᠤ ᠭᠡᠦᠭᠡᠳ ᠤᠨ | ᠤᠨᠴᠠᠯᠢᠭ ᠲᠤ ᠵᠤᠬᠢᠴᠠᠭᠤᠯᠤᠨ ᠬᠦᠢᠭᠡᠨ ᠠᠴᠠ ᠬᠦᠨᠵᠡᠭᠡᠶᠢᠷᠡᠬᠦᠯᠬᠦ᠂ ᠰᠠᠨᠠᠭ᠎ᠠ ᠲᠦᠷᠬᠦ ᠪᠠᠷ ᠢᠯᠡ ᠬᠦᠮᠦᠵᠢᠬᠦᠯᠬᠦ᠂ | ᠮᠤᠩᠭᠤᠯ ᠠᠵᠦ ᠠᠮᠢᠳᠤᠷᠠᠯ ᠵᠠᠩ ᠲᠠᠳᠬᠠᠯ ᠲᠠᠢ ᠨᠢᠭᠳᠠ ᠤᠶᠠᠯᠳᠤᠭᠤᠯᠤᠭᠰᠠᠨ᠂ ᠤᠬᠤᠷ ᠠᠪᠰᠠᠷ᠂ ᠵᠤᠬᠢᠶᠠᠮᠵᠢ | ᠴᠢᠩᠭ᠎ᠠ᠂ ᠤᠷᠤᠰᠤᠮ᠎ᠠ ᠰᠠᠶᠢᠬᠠᠨ ᠮᠤᠩᠭᠤᠯ ᠭᠡᠯᠡ ᠪᠠᠷ ᠨᠠᠶᠢᠷᠠᠭᠤᠯᠤᠨ ᠵᠤᠬᠢᠶᠠᠭᠰᠠᠨ ᠪᠠᠶᠢᠳᠠᠭ᠃ ᠲᠡᠬᠦᠨ ᠤ ᠭᠤᠤᠯ | ᠪᠤᠯᠬᠤ ᠵᠤᠬᠢᠶᠠᠯ ᠠᠴᠠ ᠲᠤᠷᠠᠳᠪᠠᠯ᠂ ᠡᠭᠡ ᠨᠤᠳᠤᠭ ᠢᠶᠠᠨ ᠪᠠᠭ᠋ᠠᠷᠬᠠᠵᠦ᠂ ᠡᠳ᠋ ᠪᠠᠶᠠᠯᠢᠭ᠂ ᠠᠭᠤᠯᠠ ᠤᠰᠦ ᠪᠠᠨ | ᠲᠠᠨᠢᠯᠴᠠᠭᠤᠯᠤᠭᠰᠠᠨ ︽ᠪᠤᠷᠤ ᠲᠤᠭᠤᠢ︾᠂ ︽ᠬᠦᠭᠡ ᠨᠠᠭᠤᠷ︾᠂ ︽ᠰᠢᠷ᠎ᠠ ᠮᠦᠷᠡᠨ︾᠂ ︽ᠦᠵᠦᠮᠦᠴᠢᠨ ᠤ | ᠲᠠᠪᠤᠰᠤᠨ ᠨᠠᠭᠤᠷ︾ ᠵᠡᠷᠭᠡ ᠨᠠᠶᠢᠷᠠᠭᠤᠯᠤᠯ ᠤᠨ ᠵᠤᠬᠢᠶᠠᠯ ᠪᠠ ᠵᠠᠩ ᠵᠠᠩᠰᠢᠯ ᠳᠤ ᠬᠤᠯᠪᠤᠭᠳᠠᠭᠰᠠᠨ ︽ᠮᠤᠩᠭᠤᠯ ᠭᠡᠷ | ︾᠂ ︽ᠬᠤᠨᠢᠨ ᠤ ᠦᠰᠦ︾ ᠵᠡᠷᠭᠡ ᠰᠤᠳᠤᠨ ᠪᠦᠳᠦᠭᠡᠯ ᠪᠤᠢ᠃ ᠦᠯᠢᠭᠡᠷ ᠤᠨ ᠵᠤᠬᠢᠶᠠᠯ ᠳᠤ ︽ᠪᠠᠭ᠎ᠠ | ᠪᠢᠯᠵᠤᠤᠬᠠᠢ︾᠂ ︽ᠠᠭᠤᠯᠠ ᠶᠢᠨ ᠪᠠᠷᠰ︾ ᠂ ︽ᠠᠯᠳᠠᠨ ᠤᠷᠢᠶᠠᠩᠭᠤ ᠴᠡᠴᠡᠭ︾ ᠪᠤᠯᠤᠨ ︽ | ᠭᠡᠷᠢᠶ᠎ᠡ ᠶᠢᠨ ᠲᠠᠭᠤᠤ︾ ᠵᠡᠷᠭᠡ ᠰᠢᠯᠦᠭ ᠤᠳ ᠢ ᠲᠤᠷᠠᠳᠴᠦ ᠪᠤᠯᠤᠨ᠎ᠠ᠃ | ᠷᠤᠯᠭᠠᠷᠵᠠᠪ ᠠᠪᠤᠭᠠᠢ 1929 ᠤᠨ ᠳᠤ ᠮᠦᠭᠳᠡᠨ ᠬᠤᠳᠠ ᠠᠴᠠ ᠰᠠᠯᠵᠦ | ᠬᠤᠰᠢᠭᠤᠨ ᠳᠠᠭᠠᠨ ᠢᠷᠡᠵᠦ᠂ ᠪᠠᠬᠢᠵᠢᠶᠠᠭᠠ ᠶᠢ ᠵᠠᠰᠠᠭ ᠰᠠᠭᠤᠷᠢᠨ ᠠᠴᠠ ᠪᠠᠭᠤᠯᠭᠠᠵᠦ᠂ ᠲᠤᠰ ᠵᠢᠯ ᠤᠨ | ᠵᠢᠷᠭᠤᠳᠤᠭᠠᠷ ᠰᠠᠷ᠎ᠠ ᠳᠤ ᠲᠤᠰᠠᠯᠠᠭᠴᠢ ᠬᠦᠩ ᠤᠨ ᠵᠡᠷᠭᠡ ᠲᠠᠢ ᠵᠠᠰᠠᠭ ᠨᠤᠶᠠᠨ ᠪᠤᠯᠵᠠᠢ᠃ ᠡᠨᠡ ᠬᠤᠭᠤᠴᠠᠭᠠᠨ ᠳᠤ | ᠲᠡᠷᠡ ᠮᠤᠩᠭᠤᠯᠴᠦᠳ ᠲᠤ ᠠᠯᠪᠠᠳᠦ ᠪᠤᠭᠤᠯ ᠢ ᠴᠢᠯᠦᠭᠡᠯᠡᠬᠦ ᠭᠡᠷᠡᠭᠳᠡᠢ᠃ ᠭᠡᠦᠭᠡᠳ ᠢᠶᠠᠨ ᠰᠤᠷᠭᠠᠭᠤᠯᠢ ᠳᠤ | ᠤᠷᠤᠭᠤᠯᠬᠤ ᠭᠡᠷᠡᠭᠳᠡᠢ᠃ ᠭᠡᠦᠭᠡᠳ ᠢᠶᠠᠨ ᠯᠠᠮᠠ ᠪᠤᠯᠭᠠᠵᠦ ᠪᠤᠯᠬᠤ ᠦᠭᠡᠢ᠃ ᠡᠮᠡᠭᠳᠡᠶᠢᠴᠦᠳ ᠴᠢᠪᠠᠭᠠᠨᠴᠠ ᠪᠤᠯᠵᠦ | ᠪᠤᠯᠬᠤ ᠦᠭᠡᠢ ᠭᠡᠬᠦ ᠮᠡᠳᠦ ᠹᠸᠦᠳᠠᠯ ᠶᠤᠰᠦ ᠠᠴᠠ ᠠᠩᠬᠢᠵᠢᠷᠠᠭᠤᠯᠬᠤ ᠵᠠᠷᠢᠮ ᠲᠠᠯ᠎ᠠ ᠶᠢᠨ ᠠᠵᠢᠯ ᠢ ᠬᠢᠭᠰᠡᠨ ᠪᠠᠶᠢᠨ᠎ᠠ᠃ | | ᠶᠠᠭᠤᠨ ᠤ ᠤᠷᠢᠳ ᠪᠢᠷᠠᠭᠤ ᠪᠠᠯᠭᠠᠰᠤᠨ ᠳᠤ ᠮᠤᠩᠭᠤᠯ ᠪᠠᠭ᠎ᠠ ᠰᠤᠷᠭᠠᠭᠤᠯᠢ | ᠪᠠᠶᠢᠭᠤᠯᠵᠦ᠂ ᠮᠤᠩᠭᠤᠯᠴᠦᠳ ᠤᠨ ᠭᠡᠦᠭᠡᠳ ᠢ ᠰᠤᠷᠭᠠᠭᠤᠯᠢ ᠳᠤ ᠤᠷᠤᠭᠤᠯᠤᠨ ᠪᠢᠴᠢᠭ ᠨᠤᠮ ᠰᠤᠷᠭᠠᠬᠤ ᠶᠢ | ᠴᠢᠩᠭ᠎ᠠ ᠱᠠᠭᠠᠷᠳᠠᠵᠦ ᠪᠠᠶᠢᠵᠠᠢ᠃ ᠷᠤᠯᠭᠠᠷᠵᠠᠪ ᠠᠪᠤᠭᠠᠢ ᠬᠤᠰᠢᠭᠤ ᠵᠠᠰᠠᠭ ᠤᠨ ᠨᠡᠷ᠎ᠡ ᠪᠠᠷ ᠲᠤᠭᠳᠠᠭᠠᠯ ᠭᠠᠷᠭᠠᠵᠦ᠂ | ︽ᠮᠤᠩᠭᠤᠯ ᠬᠦᠮᠦᠨ ᠬᠦᠦ ᠪᠠᠨ ᠯᠠᠮᠠ ᠪᠤᠯᠭᠠᠵᠦ ᠪᠤᠯᠬᠤ ᠦᠭᠡᠢ᠂ ᠭᠡᠦᠭᠡᠳ ᠪᠠᠭᠠᠴᠦᠳ ᠢ ᠡᠷᠡᠭᠳᠡᠢ ᠡᠮᠡᠭᠳᠡᠢ ᠡᠰᠡ | ᠢᠯᠭᠠᠨ ᠰᠤᠷᠭᠠᠭᠤᠯᠢ ᠳᠤ ᠤᠷᠤᠭᠤᠯᠵᠦ᠂ ᠪᠢᠴᠢᠭ ᠨᠤᠮ ᠰᠤᠷᠭᠠᠬᠤ ᠭᠡᠷᠡᠭᠳᠡᠢ᠂ ᠭᠡᠨ ᠭᠡᠷᠪᠡ ᠭᠡᠦᠭᠡᠳ ᠢᠶᠠᠨ | ᠰᠤᠷᠭᠠᠭᠤᠯᠢ ᠳᠤ ᠡᠰᠡ ᠰᠠᠭᠤᠯᠭᠠᠵᠦ᠂ ᠪᠢᠴᠢᠭ ᠨᠤᠮ ᠢ ᠰᠤᠷᠭᠠᠬᠤ ᠦᠭᠡᠢ ᠪᠤᠯ ᠲᠡᠬᠦᠨ ᠤ ᠮᠠᠯ ᠤᠨᠤᠭ᠎ᠠ ᠶᠢ | ᠬᠤᠰᠢᠭᠤ ᠵᠠᠰᠠᠭ ᠠᠴᠠ ᠬᠤᠷᠢᠶᠠᠨ ᠠᠪᠤᠨ᠎ᠠ ᠭᠡᠵᠦ ᠲᠤᠩᠬᠠᠭ ᠭᠠᠷᠭᠠᠭᠰᠠᠨ ᠪᠦᠭᠡᠳ ᠭᠡᠷ ᠤᠨ ᠠᠮᠢᠳᠤᠷᠠᠯ ᠶᠠᠳᠠᠭᠤ | ᠰᠤᠷᠤᠭᠴᠢᠳ ᠤᠨ ᠰᠤᠷᠤᠯᠭ᠎ᠠ ᠶᠢᠨ ᠰᠦᠢᠳᠭᠡᠯ ᠢ ᠬᠤᠰᠢᠭᠤ ᠵᠠᠰᠠᠭ ᠠᠴᠠ ᠬᠠᠷᠢᠭᠤᠴᠠᠨ᠎ᠠ︾ ᠭᠡᠵᠦ ᠲᠤᠭᠳᠠᠭᠠᠵᠠᠢ᠃ | ᠡᠨᠡᠬᠦ ᠲᠤᠭᠳᠠᠭᠠᠯ ᠨᠢ ᠲᠤᠬᠠᠢ ᠶᠢᠨ ᠦᠶ᠎ᠡ ᠳᠡᠭᠡᠨ ᠤᠳᠦ ᠶᠢᠨ ᠮᠠᠨ ᠤ ᠤᠯᠤᠰ ᠲᠤ ᠶᠠᠪᠤᠭᠳᠠᠵᠦ ᠪᠠᠶᠢᠭ᠎ᠠ ︽ᠠᠯᠪᠠᠨ | ᠵᠢᠷᠤᠮ ᠤᠨ ᠰᠤᠷᠭᠠᠨ ᠬᠦᠮᠦᠵᠢᠯ ᠤᠨ ᠬᠠᠤᠯᠢ︾ ᠰᠢᠭ᠋ ᠬᠠᠤᠯᠢ ᠪᠠᠶᠢᠵᠠᠢ ᠭᠡᠵᠦ ᠦᠵᠡᠵᠦ ᠪᠤᠯᠤᠮᠠᠷ ᠪᠠᠶᠢᠨ᠎ᠠ᠃ | 1934 ᠤᠨ ᠳᠤ ᠲᠡᠷᠡ ᠤᠤᠯ ᠤᠨ ᠵᠢᠩᠫᠧᠩ ᠰᠢᠶᠠᠨ ︵ᠢᠷᠭᠡᠨ ᠤᠯᠤᠰ ᠤᠨ | ᠭᠤᠷᠪᠠᠳᠤᠭᠠᠷ ᠤᠨ ᠳᠤ ᠿᠧ ᠾᠧ ᠮᠤᠵᠢ ᠶᠢᠨ ᠤᠨᠴᠠᠭᠠᠢ ᠤᠷᠤᠨ ᠵᠢᠩᠫᠧᠩ ᠰᠢᠶᠠᠨ ᠭᠡᠵᠦ ᠬᠤᠰᠢᠭᠤᠨ ᠲᠦᠪ | ᠪᠢᠷᠠᠭᠤ ᠳᠤ ᠪᠠᠶᠢᠭᠤᠯᠵᠠᠢ︶ ᠢ ᠬᠠᠰᠤᠭᠰᠠᠨ ᠢᠶᠠᠷ ᠪᠠᠷᠠᠬᠤ ᠦᠭᠡᠢ ᠵᠠᠰᠠᠭ ᠤᠨ ᠰᠠᠭᠤᠷᠢᠨ ᠢ ᠵᠠᠯᠭᠠᠮᠵᠢᠯᠠᠵᠦ᠂ | ᠹᠸᠦᠳᠠᠯ ᠤᠨ ᠬᠠᠭᠤᠴᠢᠨ ᠲᠦᠷᠢᠮ ᠢ ᠡᠪᠳᠡᠵᠦ᠂ ᠭᠡᠰᠢᠭᠳᠡᠨ ᠬᠤᠰᠢᠭᠤᠨ ᠤ ᠠᠯᠪᠠᠨ ᠵᠠᠬᠢᠷᠭ᠎ᠠ ᠶᠢ ᠰᠢᠨ᠎ᠡ ᠪᠠᠷ | ᠪᠠᠶᠢᠭᠤᠯᠤᠨ ᠦᠪᠡᠰᠦᠪᠡᠨ ᠬᠤᠰᠢᠭᠤᠨ ᠤ ᠠᠩᠬᠠᠳᠠᠭᠴᠢ ᠬᠤᠰᠢᠭᠤ ᠲᠠᠷᠤᠭ᠎ᠠ ᠪᠤᠯᠵᠠᠢ᠃ ᠢᠯᠠᠩᠭᠤᠶ᠎ᠠ ᠬᠤᠵᠢᠮ ᠨᠢ | ᠲᠡᠬᠦᠨ ᠤ ᠦᠵᠡᠯᠳᠡ ᠵᠤᠷᠢᠯᠳᠠ ᠨᠢᠭᠡᠳᠦᠳᠡᠭ ᠲᠤᠰᠠᠯᠠᠭᠴᠢ ᠠᠯᠳᠠᠨᠸᠠᠴᠢᠷ ᠨᠠᠷ ᠢ ᠬᠤᠰᠢᠭᠤ ᠲᠠᠷᠤᠭ᠎ᠠ ᠲᠠᠯᠪᠢᠵᠦ᠂ | ᠵᠠᠰᠠᠭ ᠤᠨ ᠢᠵᠠᠭᠤᠷ ᠤᠯᠠᠮᠵᠢᠯᠠᠯ ᠶᠤᠰᠦ ᠶᠢ ᠬᠠᠯᠠᠵᠦ ᠦᠭᠡᠷᠡᠴᠢᠯᠡᠭᠰᠡᠨ ᠡᠨᠡ ᠶᠠᠪᠤᠳᠠᠯ ᠨᠢ ᠴᠤ ᠷᠤᠯᠭᠠᠷᠵᠠᠪ | ᠠᠪᠤᠭᠠᠢ ᠲᠤᠬᠠᠢ ᠶᠢᠨ ᠦᠶ᠎ᠡ ᠳᠡᠭᠡᠨ ᠨᠢᠭᠡᠨ ᠢᠳᠡᠪᠬᠢᠳᠡᠢ ᠠᠷᠠᠳᠴᠢᠯᠠᠭᠰᠠᠨ ᠦᠵᠡᠯᠳᠡᠨ᠂ ᠹᠸᠦᠳᠠᠯ ᠶᠤᠰᠤᠨ ᠤ | ᠰᠢᠨᠡᠴᠢᠯᠡᠯᠳᠡ ᠬᠢᠭᠰᠡᠨ ᠬᠦᠮᠦᠨ ᠪᠤᠯᠬᠤ ᠶᠢ ᠬᠦᠢᠴᠡᠳ ᠬᠠᠷᠠᠭᠤᠯᠤᠨ᠎ᠠ᠃ | ᠬᠤᠵᠢᠮ ᠨᠢ ᠷᠤᠯᠭᠠᠷᠵᠠᠪ ᠠᠪᠤᠭᠠᠢ ᠬᠠᠭᠤᠷᠮᠠᠭ ᠮᠠᠨᠵᠦ ᠶᠢᠨ ᠬᠢᠩᠭᠠᠨ ᠪᠠᠷᠠᠭᠤᠨ | ᠮᠤᠵᠢ ᠶᠢᠨ ᠮᠤᠵᠢ ᠶᠢᠨ ᠲᠠᠷᠤᠭ᠎ᠠ ᠪᠤᠯᠵᠦ ᠦᠩᠭᠡᠷᠡᠵᠡᠢ᠃ ᠮᠤᠵᠢ ᠶᠢᠨ ᠲᠠᠷᠤᠭ᠎ᠠ ᠪᠠᠶᠢᠯ᠎ᠠ ᠭᠡᠳᠡᠭ ᠪᠤᠯᠪᠠᠴᠦ | ᠦᠨᠡᠨᠳᠡᠭᠡᠨ ᠰᠢᠩᠭᠡᠯᠢᠭ ᠲᠤ ᠬᠤᠷᠢᠭᠳᠠᠭᠰᠠᠨ ᠪᠢᠯᠵᠤᠤᠬᠠᠢ ᠲᠡᠳᠦᠶᠢᠯᠡ ᠪᠠᠶᠢᠵᠦ᠂ ︽ᠪᠢ ᠮᠤᠵᠢ ᠶᠢᠨ ᠲᠠᠷᠤᠭ᠎ᠠ ᠶᠢᠨ | ᠨᠡᠷ᠎ᠡ ᠶᠢ ᠵᠡᠬᠦᠭᠡᠳ ᠠᠵᠢᠯ ᠬᠢᠬᠦ ᠦᠭᠡᠢ ᠲᠤᠯᠠ ᠲᠤᠯᠢ ᠪᠢᠴᠢᠭ ᠨᠠᠶᠢᠷᠠᠭᠤᠯᠤᠨ ᠰᠠᠭᠤᠵᠦ ᠪᠠᠶᠢᠨ᠎ᠠ᠃ ᠡᠷᠭᠡ ᠮᠡᠳᠡᠯ ᠢ | ᠪᠦᠷ ᠶᠠᠫᠤᠨ ᠨᠤᠶᠠᠳ ᠮᠡᠳᠡᠵᠦ ᠪᠠᠶᠢᠨ᠎ᠠ︾ ᠭᠡᠵᠦ ᠮᠠᠨᠤᠤᠯ ᠨᠤᠶᠠᠨ ᠪᠤᠯᠤᠭᠰᠠᠨ ᠢᠶᠠᠨ ᠮᠡᠳᠡᠷᠡᠨ ᠶᠠᠷᠢᠵᠦ ᠪᠠᠶᠢᠭᠰᠠᠨ | ᠪᠦᠭᠡᠳ ᠬᠠᠶᠢᠷᠠᠨ ᠴᠠᠭ ᠢ ᠲᠠᠯᠠᠭᠠᠷ ᠰᠦᠢᠳᠭᠡᠭᠰᠡᠨ ᠦᠭᠡᠢ᠂ ᠲᠤᠮᠤ ᠭᠡᠮᠵᠢᠶᠡᠨ ᠤ ᠮᠤᠩᠭᠤᠯ ᠲᠤᠯᠢ ᠪᠢᠴᠢᠭ | ᠨᠠᠶᠢᠷᠠᠭᠤᠯᠤᠭᠰᠠᠨ ᠪᠦᠭᠡᠳ ︽ᠮᠤᠩᠭᠤᠯ ᠤᠨ ᠤᠳᠬ᠎ᠠ ᠶᠢᠨ ᠰᠤᠷᠭᠠᠯ ᠤᠨ ᠬᠤᠷᠠᠯ︾ ᠳᠤ ᠤᠳᠤᠷᠢᠳᠬᠤ ᠪᠠᠭᠰᠢ ᠪᠠᠷ | ᠤᠷᠢᠭᠳᠠᠵᠦ᠂ ︽ᠤᠯᠠᠭᠠᠨ ᠪᠠᠷᠰ︾ ᠰᠡᠳᠬᠦᠯ ᠢ ᠬᠢᠨᠠᠨ ᠵᠠᠰᠠᠬᠤ ᠮᠡᠳᠦ ᠰᠤᠶᠤᠯ ᠤᠨ ᠠᠵᠢᠯ ᠢ ᠭᠤᠤᠯᠴᠢᠯᠠᠨ ᠬᠢᠵᠦ | ᠪᠠᠶᠢᠵᠠᠢ᠃ | ᠷᠤᠯᠭᠠᠷᠵᠠᠪ ᠠᠪᠤᠭᠠᠢ 1941 ᠤᠨ ᠤ 8 ᠰᠠᠷ᠎ᠠ ᠳᠤ ᠺᠠᠶᠢᠯᠤ ᠬᠤᠳᠠᠨ᠎ᠠ ᠲᠠᠪᠢᠨ | ᠭᠤᠷᠪᠠᠳᠠᠢ ᠨᠠᠰᠦ ᠪᠠᠷᠠᠵᠠᠢ᠃ ᠲᠡᠬᠦᠨ ᠤ ᠨᠠᠰᠦ ᠪᠠᠷᠠᠭᠰᠠᠨ ᠲᠤᠬᠠᠢ ᠬᠦᠮᠦᠰ ᠤᠨ ᠭᠡᠯᠡᠯᠴᠡᠬᠦ ᠪᠠᠷ ᠨᠢᠭᠡ ᠤᠳᠠᠭ᠎ᠠ | ᠶᠠᠫᠤᠨ ᠬᠦᠮᠦᠨ ᠭᠡᠷ ᠲᠡᠭᠡᠨ ᠵᠠᠯᠠᠵᠦ ᠲᠠᠶᠢᠯᠠᠯᠭ᠎ᠠ ᠬᠢᠵᠡᠢ᠃ ᠲᠠᠶᠢᠯᠠᠯᠭ᠎ᠠ ᠠᠴᠠ ᠭᠠᠷᠴᠦ ᠢᠷᠡᠬᠦ ᠳᠤ ᠲᠤᠯᠤᠭᠠᠢ ᠨᠢ | ᠡᠷᠬᠢᠵᠦ᠂ ᠴᠢᠷᠠᠢ ᠨᠢ ᠬᠤᠵᠠᠶᠢᠵᠦ᠂ ᠨᠤᠭᠤᠭᠠᠨ ᠢᠶᠠᠷ ᠪᠦᠭᠡᠯᠵᠢᠭᠡᠳ ᠭᠡᠨᠡᠳᠳᠡ ᠪᠠᠷ ᠨᠠᠰᠦ ᠪᠠᠷᠠᠭᠰᠠᠨ ᠭᠡᠨ᠎ᠡ᠃ | | ᠷᠣᠯᠭᠠᠷᠵᠠᠪ ᠠᠪᠤᠭᠠᠢ ᠨᠠᠰᠦ ᠨᠦᠭᠴᠢᠭᠰᠡᠨ ᠤ ᠲᠠᠷᠠᠭ᠎ᠠ ᠠᠯᠳᠠᠷᠳᠦ ᠡᠷᠳᠡᠮᠳᠡᠨ | ᠭᠡᠰᠢᠩᠭᠡ ᠠᠴᠠ ᠷᠤᠯᠭᠠᠷᠵᠠᠪ ᠤᠨ ᠴᠢᠨᠳᠠᠷ ᠤᠨ ᠤᠷᠳᠤᠳᠠ ᠬᠦᠵᠢ ᠡᠷᠬᠦᠨ ᠠᠷᠢᠬᠢ ᠲᠤᠰᠤᠭᠠᠵᠦ ᠭᠠᠰᠢᠭᠤᠳᠠᠨ᠄ ︽ | ᠷᠤ ᠠᠪᠤᠭᠠᠢ ᠹᠦ᠋ ᠲᠢᠩ ᠲᠠᠨ ᠤ ᠲᠡᠭᠡᠳᠦ ᠴᠢᠨᠳᠠᠷ ᠤᠨ ᠤᠷᠳᠤᠳᠠ ᠬᠦᠵᠢ ᠡᠷᠬᠦᠨ ᠠᠷᠢᠬᠢ ᠲᠤᠰᠤᠭᠠᠵᠦ ᠲᠠᠬᠢᠬᠤ | ᠦᠭᠡ ᠠᠨᠤ᠄ ᠨᠡᠭᠡᠨ ᠰᠠᠨᠠᠪᠠᠰᠦ ᠠᠪᠤᠭᠠᠢ ᠲᠠᠨ ᠤ ᠪᠡᠶ᠎ᠡ ᠵᠠᠯᠠᠭᠤ ᠠᠴᠠ ᠡᠷᠳᠡᠮ ᠰᠤᠷᠤᠯᠭ᠎ᠠ ᠳᠤᠷ ᠰᠤᠳᠤᠯᠵᠦ᠂ | ᠦᠪᠦᠷ ᠴᠢᠭᠤᠯᠭᠠᠨ᠎ᠠ ᠨᠡᠷ᠎ᠡ ᠲᠠᠭᠤᠷᠢᠰᠪᠠᠢ᠃ ᠲᠤᠮᠳᠠ ᠨᠠᠰᠤᠨ᠎ᠠ ᠵᠤᠷᠢᠭ ᠪᠤᠳᠤᠯᠭ᠎ᠠ ᠶᠢ ᠲᠡᠯᠭᠡᠷᠡᠬᠦᠯᠵᠦ᠂ ᠠᠷᠤ | ᠬᠦᠷᠢᠶᠡᠨ᠎ᠡ ᠵᠢᠳᠬᠦᠯ ᠢᠯᠡᠷᠡᠪᠡᠢ᠃ ᠮᠦᠭᠳᠡᠨ ᠭᠡᠰᠢᠭᠳᠡᠨ ᠤ ᠲᠤᠰᠢᠶᠡᠯ ᠳᠤᠷ ᠠᠬᠤᠢ ᠳᠤᠷ ᠭᠠᠪᠢᠶ᠎ᠠ ᠴᠠᠷᠮᠠᠯ | ᠭᠡᠳᠦᠷᠡᠭᠰᠡᠨ ᠤ ᠲᠤᠯᠠ ᠰᠤᠩᠭᠤᠭᠳᠠᠨ ᠲᠡᠪᠰᠢᠵᠦ ᠲᠤᠶᠢᠯ ᠤᠨ ᠭᠡᠰᠢᠭ ᠲᠤᠷ ᠬᠦᠷᠳᠡᠪᠡᠢ᠃ ᠲᠦᠷᠦᠯᠬᠢ ᠵᠠᠩ | ᠰᠢᠳᠤᠷᠭᠤ ᠦᠨᠡᠨᠴᠢ᠂ ᠬᠦᠨᠳᠦ ᠪᠤᠯᠭᠤᠮᠵᠢᠳᠠᠢ ᠪᠦᠭᠡᠳ ᠰᠤᠷᠬᠤᠢ ᠳᠤᠷ ᠪᠠᠭ᠋ᠠᠳᠠᠢ᠂ ᠵᠠᠰᠠᠳᠠᠭ ᠦᠭᠡᠢ ᠳᠤᠷ ᠨᠦᠬᠦᠷ | ᠪᠢᠳᠡ ᠤᠨᠴᠠ ᠪᠢᠰᠢᠷᠡᠬᠦ ᠶᠢᠨ ᠲᠤᠯᠠ ᠡᠬᠦᠷᠢ ᠤᠳᠠᠳᠠᠯ᠎ᠠ ᠠᠬᠤᠢ ᠶᠢ ᠡᠷᠡᠮᠵᠢᠯᠡᠬᠦ ᠪᠦᠯᠦᠭᠡ ᠁︾ ᠭᠡᠵᠦ | ᠪᠢᠴᠢᠭ ᠪᠢᠴᠢᠵᠦ ᠲᠠᠶᠢᠪᠠ᠃ ᠲᠡᠬᠦᠨ ᠤ ᠪᠢᠴᠢᠭᠰᠡᠨ ᠡᠨᠡᠬᠦ ︽ᠹᠦ᠋ ᠲᠢᠩ ᠠᠪᠤᠭᠠᠢ ᠳᠤᠷ ᠲᠠᠬᠢᠭᠰᠠᠨ ᠪᠢᠴᠢᠭ︾ ᠨᠢ | ᠬᠤᠵᠢᠮ ᠲᠤᠮᠳᠠᠳᠦ ᠰᠤᠷᠭᠠᠭᠤᠯᠢ ᠶᠢᠨ ᠰᠤᠷᠬᠤ ︽ᠭᠡᠯᠡ ᠪᠢᠴᠢᠭ︾ ᠲᠤ ᠰᠤᠩᠭᠤᠭᠳᠠᠵᠠᠢ᠃ | ᠷᠤᠯᠭᠠᠷᠵᠠᠪ ᠠᠪᠤᠭᠠᠢ ᠪᠤᠯ ᠮᠤᠩᠭᠤᠯ ᠦᠨᠳᠦᠰᠦᠳᠡᠨ ᠤ ᠤᠶᠢᠷ᠎ᠠ ᠦᠶ᠎ᠡ ᠶᠢᠨ ᠲᠡᠦᠭᠡᠨ | ᠳᠠᠬᠢ ᠶᠡᠭᠡ ᠪᠢᠴᠢᠭ ᠤᠨ ᠬᠦᠮᠦᠨ᠂ ᠤᠯᠤᠰ ᠦᠨᠳᠦᠰᠦᠳᠡᠨ ᠢᠶᠠᠨ ᠰᠡᠷᠬᠦᠭᠡᠨ ᠪᠤᠰᠬᠠᠵᠦ᠂ ᠬᠦᠭᠵᠢᠬᠦᠯᠦᠨ | ᠮᠠᠨᠳᠤᠭᠤᠯᠬᠤ ᠶᠢᠨ ᠲᠦᠯᠦᠭᠡ ᠬᠦᠴᠦᠯᠡᠨ ᠴᠢᠷᠮᠠᠶᠢᠭᠰᠠᠨ ᠰᠤᠶᠤᠯ ᠭᠡᠭᠡᠷᠡᠯ ᠤᠨ ᠭᠠᠷᠮᠠᠭᠠᠢ ᠵᠢᠳᠬᠦᠯᠳᠡᠨ ᠶᠤᠮ᠃ | ᠷᠤᠯᠭᠠᠷᠵᠠᠪ ᠠᠪᠤᠭᠠᠢ ᠲᠠᠨ ᠤ ᠠᠯᠳᠠᠷ᠂ ᠲᠠᠨ ᠤ ᠵᠤᠷᠢᠭ ᠰᠠᠨᠠᠭ᠎ᠠ ᠮᠤᠩᠭᠤᠯ ᠰᠤᠶᠤᠯ ᠰᠤᠷᠭᠠᠨ ᠬᠦᠮᠦᠵᠢᠯ ᠤᠨ | ᠲᠡᠦᠭᠡᠨ ᠳᠤ ᠦᠨᠢᠳᠡ ᠭᠡᠷᠡᠯᠳᠦᠨ᠎ᠡ᠃ ᠮᠦᠨ ᠴᠤ ᠮᠤᠩᠭᠤᠯ ᠤᠳᠬ᠎ᠠ ᠰᠤᠶᠤᠯ ᠳᠠᠭᠠᠨ ᠬᠠᠶᠢᠷᠠᠳᠠᠢ᠂ | ᠦᠨᠳᠦᠰᠦᠳᠡᠨ ᠳᠡᠭᠡᠨ ᠬᠠᠶᠢᠷᠠᠳᠠᠢ᠂ ᠠᠷᠠᠳ ᠲᠦᠮᠡᠨ ᠤ ᠪᠠᠨ ᠰᠡᠳᠬᠢᠯ ᠳᠤ ᠮᠦᠩᠭᠡᠷᠡᠨ ᠲᠤᠶᠠᠭᠠᠷᠠᠨ᠎ᠠ᠃ |