ᠬᠦᠢᠳᠡᠨ ᠤ ᠲᠤᠯᠤᠯᠳᠤᠭᠠᠨ ᠤ ᠭᠠᠵᠠᠷ
ᠨᠡᠶᠢᠲᠡᠯᠡᠭᠰᠡᠨ ᠴᠠᠭ᠄
2009/9/28
         ᠬᠦᠢᠳᠡᠨ ᠲᠤᠯᠤᠯᠳᠤᠭᠠᠨ ᠪᠤᠯ ᠴᠢᠩᠬᠢᠰ ᠬᠠᠭᠠᠨ ᠵᠠᠮᠤᠬ᠎ᠠ ᠶᠢ ᠲᠡᠨᠢᠭ ᠭᠤᠷᠤᠬᠠᠨ ᠤ ᠪᠠᠶᠢᠯᠳᠤᠭᠠᠨ ᠳᠤ ᠲᠡᠶᠢᠯᠦᠭᠰᠡᠨ ᠤ ᠲᠠᠷᠠᠭ᠎ᠠ ᠵᠢᠯ᠂ ᠲᠤᠬᠠᠶᠢᠯᠠᠪᠠᠯ 1202 ᠤᠨ ᠤ ᠨᠠᠮᠤᠷ ᠪᠤᠯᠤᠭᠰᠠᠨ ᠪᠠᠶᠢᠯᠳᠤᠭᠠᠨ ᠶᠤᠮ᠃ ᠲᠡᠨᠢᠭ ᠭᠤᠷᠤᠬᠠᠨ ᠤ ᠪᠠᠶᠢᠯᠳᠤᠭᠠᠨ ᠳᠤ ᠢᠯᠠᠭᠳᠠᠭᠰᠠᠨ ᠵᠠᠮᠤᠬ᠎ᠠ ᠦᠰᠢᠶ᠎ᠡ ᠠᠪᠬᠤ ᠪᠠᠷ ᠠᠷᠪᠠᠨ ᠨᠢᠭᠡᠨ ᠠᠶᠢᠮᠠᠭ ᠢ ᠦᠳᠦᠭᠡᠵᠦ᠂ ᠦᠪᠡᠷ ᠤᠨ ᠪᠡᠶ᠎ᠡ ᠪᠠᠨ ᠬᠦᠷ ᠬᠠᠨ ᠡᠷᠬᠦᠮᠵᠢᠯᠡᠭᠡᠳ ᠴᠢᠩᠬᠢᠰ ᠬᠠᠭᠠᠨ ᠪᠠ ᠸᠠᠩ ᠬᠠᠨ ᠤ ᠵᠦᠭ ᠴᠡᠷᠢᠭ ᠲᠠᠳᠠᠪᠠ᠃ ᠲᠡᠷᠡ ᠦᠶ᠎ᠡ ᠳᠤ ᠴᠢᠩᠬᠢᠰ ᠬᠠᠭᠠᠨ ᠤᠳᠦ ᠶᠢᠨ ᠬᠠᠯᠬ᠎ᠠ ᠶᠢᠨ ᠬᠢᠯᠢ ᠳᠠᠬᠢ ᠬᠦᠷᠯᠡᠬᠦ ᠭᠡᠳᠡᠭ ᠭᠠᠵᠠᠷ ᠪᠠᠶᠢᠵᠠᠢ᠃ ᠲᠡᠭᠡᠭᠡᠳ ᠸᠠᠩ ᠬᠠᠨ ᠳᠤ ᠴᠢᠮᠡᠭᠡ ᠢᠯᠡᠭᠡᠵᠦ᠂ ᠤᠯᠬᠤᠢ ᠰᠢᠯᠦᠭᠡᠯᠵᠢᠳ ᠭᠡᠬᠦ ᠭᠠᠵᠠᠷ ᠲᠤ ᠴᠡᠷᠢᠭ ᠨᠡᠶᠢᠯᠡᠵᠦ᠂ ᠵᠠᠮᠤᠬ᠎ᠠ ᠯᠤᠭ᠎ᠠ ᠬᠦᠢᠳᠡᠨ ᠭᠡᠳᠡᠭ ᠭᠠᠵᠠᠷ ᠶᠡᠭᠡ ᠪᠠᠶᠢᠯᠳᠤᠭᠠᠨ ᠪᠤᠯᠵᠦ ᠲᠡᠶᠢᠯᠦᠭᠰᠡᠨ ᠪᠠᠶᠢᠨ᠎ᠠ᠃ ︽ᠡᠨᠡ ᠪᠠᠶᠢᠯᠳᠤᠭᠠᠨ ᠪᠤᠯ ᠴᠢᠩᠬᠢᠰ ᠬᠠᠭᠠᠨ ᠵᠠᠮᠤᠬ᠎ᠠ ᠲᠠᠢ 10 ᠵᠢᠯ ᠲᠡᠮᠡᠴᠡᠯ ᠬᠢᠵᠦ᠂ ᠵᠠᠮᠤᠬ᠎ᠠ ᠶᠢ ᠪᠦᠷᠢᠮᠦᠰᠦᠨ ᠢᠯᠠᠵᠦ᠂ ᠵᠡᠬᠦᠨ ᠮᠤᠩᠭᠤᠯ ᠤᠨ ᠨᠤᠶᠠᠷᠬᠠᠬᠤ ᠡᠷᠭᠡ ᠶᠢ ᠲᠡᠮᠡᠴᠡᠨ ᠤᠯᠤᠭᠰᠠᠨ ᠪᠠᠶᠢᠯᠳᠤᠭᠠᠨ ᠶᠤᠮ︾ ᠭᠡᠵᠦ ᠡᠷᠳᠡᠮᠳᠡᠳ ᠦᠵᠡᠵᠦ ᠪᠤᠢ᠃        ᠲᠡᠭᠡᠪᠡᠯ ᠡᠨᠡᠬᠦ ᠪᠠᠶᠢᠯᠳᠤᠭᠠᠨ ᠤ ᠭᠠᠵᠠᠷ ᠨᠢ ᠴᠤᠬᠤᠮ ᠬᠠᠮᠢᠭ᠎ᠠ ᠪᠠᠶᠢᠳᠠᠭ ᠪᠤᠢ︖ ᠡᠨᠡ ᠲᠤᠬᠠᠢ ᠡᠷᠳᠡᠮᠳᠡᠳ ᠤᠨ ᠦᠵᠡᠯᠳᠡ ᠠᠳᠠᠯᠢ ᠪᠤᠰᠦ ᠪᠠᠶᠢᠨ᠎ᠠ᠃        ᠬᠠᠮᠤᠭ ᠤᠨ ᠨᠤᠳᠠᠳᠠᠢ ᠪᠠᠷᠢᠮᠳᠠ ᠨᠢ ︽ᠮᠤᠩᠭᠤᠯ ᠤᠨ ᠨᠢᠭᠤᠴᠠ ᠲᠤᠪᠴᠢᠶᠠᠨ︾ ᠪᠤᠯᠤᠨ᠎ᠠ᠃ ︽ᠮᠤᠩᠭᠤᠯ ᠤᠨ ᠨᠢᠭᠤᠴᠠ ᠲᠤᠪᠴᠢᠶᠠᠨ︾᠎ ᠳᠤ ᠡᠨᠡ ᠪᠠᠶᠢᠯᠳᠤᠭᠠᠨ ᠤ ᠪᠤᠯᠤᠭᠰᠠᠨ ᠭᠠᠵᠠᠷ ᠢ ᠮᠠᠭᠠᠳᠯᠠᠬᠤ ᠳᠤ ᠬᠠᠩᠭᠠᠭᠰᠠᠨ ᠮᠠᠲ᠋ᠧᠷᠢᠶᠠᠯ ᠭᠡᠪᠡᠯ᠂ ᠨᠢᠭᠡ ᠳᠤ ᠬᠦᠢᠳᠡᠨ ᠭᠡᠳᠡᠭ ᠭᠠᠵᠠᠷ ᠤᠨ ᠨᠡᠷ᠎ᠡ︔ ᠬᠤᠶᠠᠷ ᠲᠤ ᠴᠢᠩᠬᠢᠰ ᠬᠠᠭᠠᠨ ᠭᠡᠷᠦᠯᠦᠨ ᠢ ᠲᠠᠭᠠᠵᠦ ᠶᠠᠪᠤᠭᠤᠯᠤᠭᠰᠠᠨ︔ ᠭᠤᠷᠪᠠ ᠳᠤ ᠡᠨᠡᠭᠡᠨ ᠬᠦᠢᠯᠳᠦ᠂ ᠴᠡᠭᠴᠡᠷ ᠪᠠ ᠴᠢᠬᠤᠷᠭᠤ ᠭᠡᠳᠡᠭ ᠭᠤᠷᠪᠠᠨ ᠭᠠᠵᠠᠷ ᠲᠤ ᠮᠠᠩᠯᠠᠢ ᠬᠠᠷᠠᠭᠤᠯ ᠲᠤᠮᠢᠯᠠᠭᠰᠠᠨ︔ ᠲᠦᠷᠪᠡ ᠳᠤ ᠲᠡᠶᠢᠯᠦᠭᠳᠡᠭᠰᠡᠨ ᠵᠠᠮᠤᠬ᠎ᠠ ᠶᠢᠨ ᠬᠤᠯᠪᠤᠭ᠎ᠠ ᠶᠢᠨ ᠬᠢᠨ ᠠᠯᠳᠠᠢ᠂ ᠰᠡᠯᠡᠩᠭᠡ᠂ ᠰᠢᠭᠰᠢᠭ᠂ ᠤᠨᠤᠨ ᠤᠷᠤᠭᠤ ᠲᠦᠷᠪᠡᠨ ᠶᠠᠪᠤᠵᠦ᠂ ᠡᠷᠬᠦᠨ᠎ᠡ ᠤᠨᠤᠨ ᠵᠦᠭ ᠨᠡᠭᠡᠬᠦ ᠴᠡᠷᠢᠭ ᠶᠠᠪᠤᠭᠰᠠᠨ ᠵᠡᠷᠭᠡ ᠪᠤᠢ᠃ ᠮᠠᠲ᠋ᠧᠷᠢᠶᠠᠯ ᠬᠤᠶᠠᠷ ᠠᠴᠠ ᠦᠵᠡᠬᠦ ᠳᠤ ᠴᠢᠩᠬᠢᠰ ᠬᠠᠭᠠᠨ ᠭᠡᠷᠦᠯᠦᠨ ᠢ ᠲᠠᠭᠠᠵᠦ ᠡᠮᠦᠨᠡᠰᠢ ᠶᠠᠪᠤᠭᠰᠠᠨ ᠲᠤᠯᠠ ᠬᠦᠢᠳᠡᠨ ᠭᠡᠳᠡᠭ ᠭᠠᠵᠠᠷ ᠭᠡᠷᠦᠯᠦᠨ ᠤ ᠡᠮᠦᠨ᠎ᠡ ᠵᠦᠭ ᠪᠠᠶᠢᠬᠤ᠂ ᠮᠠᠲ᠋ᠧᠷᠢᠶᠠᠯ ᠲᠦᠷᠪᠡ ᠳᠤ ᠲᠤᠷᠠᠳᠤᠭᠰᠠᠨ ᠭᠠᠵᠠᠷ ᠤᠳ ᠴᠦᠮ ᠬᠦᠢᠳᠡᠨ ᠠᠴᠠ ᠬᠤᠯᠠ ᠪᠠᠶᠢᠬᠤ ᠭᠡᠳᠡᠭ ᠢ ᠤᠯᠵᠦ ᠮᠡᠳᠡᠨ᠎ᠡ᠃ ᠮᠠᠲ᠋ᠧᠷᠢᠶᠠᠯ ᠭᠤᠷᠪᠠ ᠳᠤ ᠲᠣᠷᠠᠳᠤᠭᠰᠠᠨ ᠭᠤᠷᠪᠠᠨ ᠭᠠᠵᠠᠷ ᠤᠨ ᠲᠤᠬᠠᠢ ᠤᠯᠠᠨ ᠮᠠᠭᠠᠳᠯᠠᠯᠳᠠ ᠪᠠᠶᠢᠪᠠᠴᠦ ᠵᠦᠷᠢᠶᠡᠨ ᠶᠡᠭᠡᠳᠠᠢ᠃        ︽ᠮᠤᠩᠭᠤᠯ ᠤᠨ ᠨᠢᠭᠤᠴᠠ ᠲᠤᠪᠴᠢᠶᠠᠨ︾᠎ ᠠᠴᠠ ᠬᠤᠵᠢᠭᠤᠳᠠᠬᠠᠨ ᠪᠢᠴᠢᠭᠳᠡᠭᠰᠡᠨ ᠷᠠᠰᠢᠳ᠋ · ᠠᠳ᠋ · ᠳ᠋ᠢᠨ ᠤ ︽ᠰᠤᠳᠤᠷ ᠤᠨ ᠴᠢᠭᠤᠯᠭᠠᠨ︾ ᠪᠠ ︽ᠪᠤᠭᠳᠠ ᠪᠠᠭᠠᠳᠤᠷ ᠤᠨ ᠪᠡᠶ᠎ᠡ ᠪᠠᠷ ᠲᠠᠶᠢᠯᠠᠭᠰᠠᠨ ᠲᠡᠮᠳᠡᠭᠯᠡᠯ︾ ᠪᠤᠯ ᠪᠠᠰᠠ ᠨᠡᠯᠢᠶᠡᠳ ᠪᠠᠳᠤᠳᠠᠢ ᠪᠠᠷᠢᠮᠳᠠ ᠪᠤᠯᠤᠨ᠎ᠠ᠃ ᠡᠨᠡ ᠬᠤᠶᠠᠷ ᠲᠤ ᠲᠡᠮᠳᠡᠭᠯᠡᠭᠰᠡᠨ ᠵᠦᠢᠯᠡᠰ ᠶᠡᠭᠡ ᠲᠦᠯᠦᠪ ᠠᠳᠠᠯᠢ ᠪᠠᠶᠢᠵᠦ ᠪᠤᠢ᠃ ᠡᠬᠦᠨ ᠳᠤ ᠬᠠᠩᠭᠠᠭᠰᠠᠨ ᠮᠠᠲ᠋ᠧᠷᠢᠶᠠᠯ ᠠᠴᠠ ᠦᠵᠡᠪᠡᠯ᠄        ⒈ ᠴᠢᠩᠬᠢᠰ ᠬᠠᠭᠠᠨ ᠪᠠ ᠸᠠᠩ ᠬᠠᠨ ᠤᠯᠬᠤᠢ ᠰᠢᠯᠦᠭᠡᠯᠵᠢᠳ ︵ᠰᠢᠷᠤᠭᠡᠯᠵᠢᠳ︶  ᠭᠡᠳᠡᠭ ᠭᠠᠵᠠᠷ ᠲᠤ ᠴᠡᠷᠢᠭ ᠪᠠᠭᠤᠭᠰᠠᠨ ︵︽ᠪᠤᠭᠳᠠ ᠪᠠᠭᠠᠳᠤᠷ ᠤᠨ ᠪᠡᠶ᠎ᠡ ᠪᠠᠷ ᠲᠠᠶᠢᠯᠠᠭᠰᠠᠨ ᠲᠡᠮᠳᠡᠭᠯᠡᠯ︾᠎ ᠳᠤ︶᠃       ⒉ ᠸᠠᠩ ᠬᠠᠨ ᠤ ᠬᠦᠦ ᠰᠡᠩᠬᠦᠮ ᠠᠷᠤᠨ ᠪᠠᠬᠢᠯᠡᠯᠳᠡ ᠳᠤ ᠤᠷᠤᠭᠰᠠᠨ ︵︽ᠪᠤᠭᠳᠠ ᠪᠠᠭᠠᠳᠤᠷ ᠤᠨ ᠪᠡᠶ᠎ᠡ ᠪᠠᠷ ᠲᠠᠶᠢᠯᠠᠭᠰᠠᠨ ᠲᠡᠮᠳᠡᠭᠯᠡᠯ︾᠎ ᠳᠤ︶᠃       ⒊ ︽ᠴᠢᠩᠬᠢᠰ ᠬᠠᠭᠠᠨ ᠪᠠ ᠸᠠᠩ ᠬᠠᠨ ᠤᠳᠠ ᠬᠢᠶ᠎ᠠ ᠶᠢᠨ ᠡᠷᠳᠡᠨ ᠤ ᠭᠡᠷᠡᠮ ᠵᠦᠭ ᠤᠬᠤᠷᠢᠭᠰᠠᠨ᠃ ᠲᠡᠷᠡ ᠭᠠᠵᠠᠷ ᠪᠤᠯ ᠬᠠᠷᠠᠭᠤᠨ ᠵᠢᠳᠦᠨ ᠤ ᠬᠢᠯᠢ ᠶᠢᠨ ᠤᠶᠢᠷᠠᠯᠴᠠᠭᠠᠬᠢ ︵ᠬᠤᠵᠢᠮ ᠤᠨ︶ ᠲᠠᠴᠠᠷ ᠠᠬ᠎ᠠ ︵塔察儿—阿哈︶᠎ ᠶᠢᠨ ᠤᠷᠳᠦ ᠪᠤᠯᠠᠢ︾ ︵︽ᠰᠤᠳᠤᠷ ᠤᠨ ᠴᠢᠭᠤᠯᠭᠠᠨ︾᠎ ᠳᠤ︶᠃       ⒋ ︽ᠰᠡᠩᠬᠦᠮ ᠴᠤ ᠤᠷᠤᠭᠰᠢ ᠲᠠᠪᠰᠢᠵᠦ᠂ ᠤᠳᠠ ᠬᠢᠶ᠎ᠠ ᠶᠢᠨ ᠡᠷᠳᠡᠨ ᠤ ᠭᠡᠷᠡᠮ ︵᠎ ᠤᠨ ᠤᠷᠤᠨ︶᠎ ᠳᠤ ᠤᠷᠤᠪᠠ᠃ ᠨᠠᠢᠮᠠᠨᠴᠤᠳ ᠵᠠᠳᠠ ᠴᠢᠯᠠᠭᠤ ᠶᠢ ᠤᠰᠤᠨ᠎ᠠ ᠬᠠᠶᠠᠵᠦ ᠰᠢᠭᠤᠷᠭ᠎ᠠ ᠡᠬᠦᠰᠭᠡᠭᠰᠡᠨ ᠳᠤ ᠰᠢᠭᠤᠷᠭᠠᠨ ᠨᠢ ᠡᠷᠬᠢᠵᠦ ᠤᠴᠢᠵᠠᠢ᠃ ᠲᠡᠳᠡ ᠡᠨᠡ ᠠᠭᠤᠯᠠ ᠠᠴᠠ ᠤᠬᠤᠷᠢᠬᠤ ᠭᠡᠳ ᠬᠦᠢᠳᠡᠨ ᠭᠡᠳᠡᠭ ᠭᠠᠵᠠᠷ ᠪᠠᠯᠴᠢᠭᠳᠠᠵᠤᠬᠤᠢ᠃ ᠴᠢᠩᠬᠢᠰ ᠬᠠᠭᠠᠨ ᠪᠠ ᠸᠠᠩ ᠬᠠᠨ ᠠᠷᠠᠯ ︵︽ᠪᠤᠭᠳᠠ ᠪᠠᠭᠠᠳᠤᠷ ᠤᠨ ᠪᠡᠶ᠎ᠡ ᠪᠠᠷ ᠲᠠᠶᠢᠯᠠᠭᠰᠠᠨ ᠲᠡᠮᠳᠡᠭᠯᠡᠯ︾᠎ ᠳᠤ ᠠᠷᠤᠨ ᠪᠠᠭᠢᠯᠡᠯᠳᠡ ᠭᠡᠵᠦ ᠪᠤᠢ︶᠎ ᠤᠨ ᠵᠠᠬ᠎ᠠ ᠳᠤ ᠪᠠᠶᠢᠷᠢᠰᠢᠵᠦ ᠪᠠᠶᠢᠪᠠ᠃ ᠡᠶᠢᠮᠦᠷᠬᠦ ᠲᠦᠪᠡᠭᠳᠡᠯ ᠳᠤ ᠤᠴᠠᠷᠠᠭᠰᠠᠨ ᠳᠠᠭᠠᠨ ᠲᠡᠷᠡ ︵ᠵᠠᠮᠤᠬ᠎ᠠ︶ ᠲᠡᠬᠦᠨ ᠢ ᠡᠷᠬᠦᠮᠵᠢᠯᠡᠭᠰᠡᠨ ᠠᠶᠢᠮᠠᠭ ᠤᠳ ᠤᠨ ᠤᠨᠤᠭ᠎ᠠ ᠬᠦᠰᠭᠡ ᠶᠢ ᠲᠤᠨᠤᠵᠦ᠂ ᠴᠢᠩᠬᠢᠰ ᠬᠠᠭᠠᠨ ᠲᠡᠭᠡᠷ᠎ᠡ ᠤᠴᠢᠵᠦ ᠪᠤᠭᠤᠯ ᠮᠡᠳᠦ ᠰᠢᠳᠤᠷᠭᠤ ᠪᠠᠶᠢᠬᠤ ᠪᠠᠨ ᠢᠯᠡᠳᠭᠡᠪᠡ᠃ ᠴᠢᠩᠬᠢᠰ ᠬᠠᠭᠠᠨ ᠪᠠ ᠸᠠᠩ ᠬᠠᠨ ᠤᠳᠠ ᠬᠢᠶ᠎ᠠ ᠶᠢᠨ ᠭᠡᠷᠡᠮ ᠤᠨ ᠤᠷᠤᠨ ᠢ ᠦᠩᠭᠡᠷᠡᠵᠦ᠂ ᠠᠪᠵᠠᠢ ᠬᠦᠳᠡᠭᠡᠷ ᠭᠡᠬᠦ ᠭᠠᠵᠠᠷ ᠡᠪᠤᠯᠵᠢᠪᠡ᠃︾ ︵  ︽ᠰᠤᠳᠤᠷ ᠤᠨ ᠴᠢᠭᠤᠯᠭᠠᠨ︾᠎ ᠳᠤ︶᠃        ᠡᠨᠡ ᠭᠤᠷᠪᠠᠨ ᠡᠰᠢ ᠮᠠᠲ᠋ᠧᠷᠢᠶᠠᠯ ᠤᠳᠦ ᠶᠢᠨ ᠬᠠᠮᠤᠭ ᠰᠤᠳᠤᠯᠤᠭᠴᠢᠳ ᠤᠨ ᠭᠤᠤᠯ ᠪᠤᠯᠬᠤ ᠪᠠᠷᠢᠮᠳᠠ ᠪᠤᠯᠤᠨ᠎ᠠ᠃       ⑴ ᠡᠬᠦᠨ ᠳᠤ ︽ᠤᠯᠬᠤᠢ ᠰᠢᠯᠦᠭᠡᠯᠵᠢᠳ︾ ᠭᠡᠳᠡᠭ ᠭᠠᠵᠠᠷ ᠤᠨ ︽ᠤᠯᠬᠤᠢ︾ ᠭᠡᠳᠡᠭ ᠢ ᠡᠷᠳᠡᠮᠳᠡᠳ ᠪᠠᠷᠤᠭ ᠪᠦᠬᠦᠨ ᠢᠶᠠᠷ ᠢᠶᠠᠨ ᠵᠡᠬᠦᠨ ᠦᠵᠦᠮᠦᠴᠢᠨ ᠬᠤᠰᠢᠭᠤᠨ ᠤ ︽ᠤᠯᠠᠭᠠᠢ ᠭᠤᠤᠯ︾  ᠭᠡᠵᠦ ᠦᠵᠡᠵᠦ ᠪᠤᠢ᠃       ⑵ ︽ᠠᠷᠤᠨ ᠪᠠᠬᠢᠯᠡᠯᠳᠡ︾ ᠪᠤᠯ ᠪᠤᠷᠤ ᠭᠡᠷᠡᠮ ᠭᠡᠳᠡᠭ ᠲᠡᠭᠡᠷ᠎ᠡ ᠰᠠᠨᠠᠯ ᠲᠦᠪᠯᠡᠷᠡᠵᠡᠢ᠃       ⑶ ᠤᠳᠠ ᠬᠢᠶ᠎ᠠ ︵乌惕乞牙︶ ᠭᠡᠳᠡᠭ ᠲᠤᠬᠠᠢ ᠬᠤᠶᠠᠷ ᠶᠠᠷᠢᠶ᠎ᠠ ᠪᠤᠢ᠃ ᠴ᠊ · ᠲᠡᠮᠳᠢᠨᠰᠦ᠋ᠷᠦᠩ᠂ ᠬᠦ᠊ · ᠫᠧᠷᠯᠠᠢ ᠨᠠᠷ ᠴᠦᠮ ︽ᠤᠳᠬᠢ︾ ᠭᠡᠵᠦ ᠲᠡᠮᠳᠡᠭᠯᠡᠵᠡᠢ᠃ ᠬᠢᠳᠠᠳ ᠢᠶᠠᠷ ︽乌古敌烈︾ ᠭᠡᠵᠦ ᠲᠡᠮᠳᠡᠭᠯᠡᠳᠡᠭ ᠲᠤᠯᠠ ︽乌古敌烈︾᠎ ᠶᠢᠨ ᠵᠠᠬᠢᠷᠭᠠᠨ ᠤ ᠲᠤᠪᠴᠢᠯᠠᠯ ᠭᠡᠵᠡᠢ᠃ ᠯᠢᠶᠦᠦ ᠶᠢᠨ ᠦᠶ᠎ᠡ ᠳᠤ ᠬᠦᠯᠦᠨ ᠨᠠᠭᠤᠷ᠂ ᠬᠠᠯᠬ᠎ᠠ ᠭᠤᠤᠯ ᠢᠶᠠᠷ ᠨᠤᠳᠤᠭᠯᠠᠳᠠᠭ ᠬᠤᠩᠬᠢᠷᠠᠳᠴᠤᠳ ᠢ ︽ᠦᠬᠦ᠋ — 乌古︾ ᠠᠶᠢᠮᠠᠭ ᠭᠡᠵᠦ᠂ ᠭᠡᠷᠦᠯᠦᠨ ᠤ ᠲᠤᠮᠳᠠ ᠤᠷᠤᠰᠬᠠᠯ ᠢᠶᠠᠷ ᠨᠤᠳᠤᠭᠯᠠᠳᠠᠭ ᠲᠠᠲ᠋ᠠᠷᠴᠤᠳ ᠢ ︽ᠳ᠋ᠢᠯᠢᠶᠧ — 敌烈︾ ᠠᠶᠢᠮᠠᠭ ᠭᠡᠳᠡᠭ ᠲᠤᠯᠠ ᠨᠡᠶᠢᠯᠡᠬᠦᠯᠦᠭᠡᠳ ︽乌古敌烈︾᠎ ᠶᠢᠨ ᠵᠠᠬᠢᠷᠭᠠᠨ ᠭᠡᠮᠡᠳᠡᠭ ᠪᠢᠯᠡ᠃ ︽ᠲᠦ᠋ ᠵᠢᠢ ᠶᠢᠨ ᠲᠡᠮᠳᠡᠭᠯᠡᠯ︾᠎ ᠳᠤ ᠤᠳᠠ ᠬᠢᠶ᠎ᠠ ᠭᠡᠳᠡᠭ ᠨᠡᠷ᠎ᠡ ᠶᠢᠨ ᠤᠳᠬ᠎ᠠ ᠨᠢ ︽ᠴᠠᠭᠠᠨ ᠭᠡᠷᠡᠮ︾ ᠭᠡᠳᠡᠭ ᠭᠡᠵᠡᠢ᠃ ᠬᠠᠷᠢᠨ ︽ᠪᠤᠭᠳᠠ ᠪᠠᠭᠠᠳᠤᠷ ᠤᠨ ᠪᠡᠶ᠎ᠡ ᠪᠠᠷ ᠲᠠᠶᠢᠯᠠᠭᠰᠠᠨ ᠲᠡᠮᠳᠡᠭᠯᠡᠯ︾᠎ ᠳᠤ ᠰᠢᠭᠤᠳ ︽ᠠᠷᠤᠨ ᠪᠠᠬᠢᠯᠡᠯᠳᠡ︾ ︵阿兰塞︶ ᠭᠡᠵᠦ ᠲᠡᠮᠳᠡᠭᠯᠡᠵᠡᠢ᠃ ᠠᠷᠤᠨ ᠪᠠᠬᠢᠯᠡᠯᠳᠡ ᠭᠡᠳᠡᠭ ᠢ ᠪᠠᠭᠠᠳᠤᠷ᠄ ︽ᠮᠤᠩᠭᠤᠯ ᠤᠨ ᠡᠷᠳᠡᠨ ᠤ ᠲᠠᠶᠢᠨ ᠤ ᠵᠢᠱᠢᠶ᠎ᠡ ᠲᠡᠦᠭᠡ︾ ᠭᠡᠬᠦ ᠨᠤᠮ ᠳᠠᠭᠠᠨ ᠪᠠᠷᠠᠭᠤᠨ ᠦᠵᠦᠮᠦᠴᠢᠨ ᠤ ᠬᠢᠯᠢ ᠳᠠᠬᠢ ᠪᠤᠷᠤ ᠭᠡᠷᠡᠮ ᠭᠡᠵᠦ᠂ ᠾᠦᠸᠧ ᠸᠧᠨ ᠴᠢᠩ᠄ ᠠᠷᠤᠨ ᠪᠠᠬᠢᠯᠡᠯᠳᠡ ᠪᠤᠯ ︽ᠬᠠᠷᠠᠭᠤᠨ ᠵᠢᠳᠦᠨ︾ ᠭᠡᠵᠡᠢ᠃       ⑷ ︽ᠬᠠᠷᠠᠭᠤᠨ ᠵᠢᠳᠦᠨ︾᠎ ᠢ ︽ᠲᠦ᠋ ᠵᠢᠢ ᠶᠢᠨ ᠲᠡᠮᠳᠡᠭᠯᠡᠯ︾᠎ ᠳᠤ ︽ᠭᠡᠰᠢᠭᠳᠡᠨ ᠬᠤᠰᠢᠭᠤᠨ ᠤ ᠬᠠᠯᠠᠭᠤᠨ ᠷᠠᠰᠢᠶᠠᠨ ᠢ ᠭᠠᠯᠳᠦ ᠬᠠᠯᠠᠭᠤᠨ ︵噶尔达哈尔浑︶ ᠭᠡᠳᠡᠭ ᠨᠢ ᠬᠠᠷᠠᠭᠤᠨ ᠵᠢᠳᠦᠨ ︵合刺温只敦︶ ᠭᠡᠳᠡᠭ ᠤᠨ ᠲᠤᠩᠭᠤᠷᠤᠯ︾ ᠭᠡᠵᠦ᠂ ᠲᠡᠦᠭᠡᠴᠢᠨ ᠯᠢᠦ ᠶᠢᠨ ᠰᠦᠸᠧ ︽ᠦᠨᠦ ᠶᠢᠨ ᠬᠢᠩᠭᠠᠨ ᠲᠠᠪᠠᠭ᠎ᠠ ᠶᠢ ᠡᠷᠳᠡ ᠦᠶ᠎ᠡ ᠳᠤ ᠬᠠᠷᠠᠭᠤᠨ ᠵᠢᠳᠦᠨ ᠭᠡᠨ᠎ᠡ︾ ᠭᠡᠵᠦ ᠬᠦ᠊ · ᠫᠧᠷᠯᠠᠢ ︽ᠮᠤᠩᠭᠤᠯ ᠤᠨ ᠨᠢᠭᠤᠴᠠ ᠲᠤᠪᠴᠢᠶᠠᠨ︾᠎ ᠳᠤ ᠵᠡᠬᠦᠨ ᠭᠠᠷ ᠪᠤᠶᠤ ᠬᠠᠷᠠᠭᠤᠨ ᠵᠢᠳᠦᠨ ᠤ ᠭᠠᠵᠠᠷ ᠢ ᠮᠤᠬᠤᠯᠠᠢ ᠪᠠᠷ ᠵᠠᠬᠢᠷᠤᠭᠤᠯᠬᠤ ᠪᠤᠯᠭᠠᠭᠰᠠᠨ ᠢᠶᠠᠷ ᠦᠵᠡᠪᠡᠯ ᠡᠨᠡ ᠭᠠᠵᠠᠷ ᠲᠤᠷᠤᠨᠠᠳᠦ ᠮᠤᠩᠭᠤᠯ ᠳᠤ ᠪᠠᠶᠢᠬᠤ ᠶᠤᠰᠤᠳᠠᠢ᠃ ᠵᠢᠳᠦᠨ ᠭᠡᠳᠡᠭ ᠦᠭᠡ ᠪᠤᠯ ᠮᠠᠨᠵᠦ ᠭᠡᠯᠡᠨ ᠳᠤ ︽ᠠᠭᠤᠯᠠ ᠶᠢᠨ ᠰᠢᠨᠠᠭ᠎ᠠ︾ ᠭᠡᠰᠡᠨ ᠦᠭᠡ ᠭᠡᠵᠡᠢ᠃ ᠡᠷᠳᠡᠮᠳᠡᠨ ᠰᠠᠶᠢᠰᠢᠶᠠᠯ ᠡᠳᠡᠭᠡᠷ ᠢ ᠦᠨᠳᠦᠰᠦᠯᠡᠵᠦ ︽ᠬᠠᠷᠠᠭᠤᠨ ᠵᠢᠳᠦᠨ ᠭᠡᠳᠡᠭ ᠨᠢ ᠤᠳᠦ ᠶᠢᠨ ᠤᠯᠠᠭᠠᠨᠬᠠᠳᠠ ᠠᠴᠠ ᠲᠡᠭᠡᠭᠰᠢ ᠪᠠᠶᠢᠬᠤ ᠷᠠᠰᠢᠶᠠᠨ ᠤᠷᠴᠢᠮ ᠤᠨ ᠬᠢᠩᠭᠠᠨ ᠲᠠᠪᠠᠭ᠎ᠠ ᠶᠢ ᠵᠢᠭᠠᠭᠰᠠᠨ ᠪᠤᠯᠤᠯᠳᠠᠢ︾ ᠭᠡᠳᠡᠭ᠃        ᠡᠳᠡᠭᠡᠷ ᠨᠤᠳᠠᠯᠠᠯ ᠬᠤᠭᠤᠷᠤᠨᠳᠦ ᠪᠠᠨ ᠡᠳᠦᠢ ᠲᠡᠳᠦᠢ ᠵᠦᠷᠢᠶ᠎ᠡ ᠲᠠᠢ ᠴᠤ ᠶᠡᠭᠡ ᠲᠦᠯᠦᠪ ᠭᠠᠵᠠᠷ ᠤᠨ ᠪᠠᠶᠢᠴᠠ ᠨᠢ ᠵᠡᠬᠦᠨ ᠦᠵᠦᠮᠦᠴᠢᠨ ᠤ ᠤᠯᠠᠭᠠᠢ ᠭᠤᠤᠯ ᠠᠴᠠ ᠡᠮᠦᠨᠡᠬᠢ ᠬᠢᠩᠭᠠᠨ ᠲᠠᠪᠠᠭᠠᠨ ᠤ ᠡᠩᠭᠡᠷ ᠲᠤ ᠪᠠᠶᠢᠭ᠎ᠠ ᠪᠤᠶᠤ ᠭᠡᠷᠡᠮ ᠤᠨ ᠬᠠᠪᠢ ᠳᠤ ᠬᠦᠢᠳᠡᠨ ᠭᠡᠳᠡᠭ ᠭᠠᠵᠠᠷ ᠪᠠᠶᠢᠬᠤ ᠶᠢ ᠦᠵᠡᠬᠦᠯᠵᠡᠢ᠃ ᠲᠡᠭᠡᠪᠡᠯ ᠴᠤᠬᠤᠮ ᠬᠦᠢᠳᠡᠨ ᠭᠡᠳᠡᠭ ᠭᠠᠵᠠᠷ ᠬᠠᠮᠢᠭ᠎ᠠ ᠪᠠᠶᠢᠭ᠎ᠠ ᠪᠤᠢ︖ ᠭᠡᠳᠡᠭ ᠲᠤᠬᠠᠢ ᠤᠯᠠᠨ ᠤᠯᠠᠨ ᠰᠠᠨᠠᠯ ᠪᠠᠶᠢᠳᠠᠭ᠃ ᠡᠬᠦᠨ ᠤ ᠲᠤᠬᠠᠢ ᠲᠡᠮᠳᠡᠭᠯᠡᠪᠡᠯ ᠡᠶᠢᠮᠦ ᠪᠠᠶᠢᠨ᠎ᠠ᠃       ⒈ ᠬᠤᠩ ᠵᠢᠶᠦ᠋ᠨ᠄ ᠰᠦᠨᠢᠳ ᠵᠡᠬᠦᠨ ᠭᠠᠷᠤᠨ ᠬᠤᠰᠢᠭᠤᠨ ᠠᠴᠠ ᠵᠡᠬᠦᠨ ᠬᠤᠶᠢᠰᠢ ᠲᠦᠴᠢᠨ ᠭᠠᠵᠠᠷ ᠪᠠᠶᠢᠭ᠎ᠠ ︽寒山︾᠎ ᠢ ᠮᠤᠩᠭᠤᠯ ᠢᠶᠠᠷ ᠬᠦᠢᠳᠡᠨ ᠭᠡᠳᠡᠭ᠂ ᠡᠨᠡ ᠬᠠᠷᠢᠨ ᠡᠷᠳᠡᠨ ᠤ ︽ᠬᠦᠢᠳᠡᠨ︾ ᠪᠠᠶᠢᠵᠦ ᠮᠡᠳᠡᠨ᠎ᠡ᠃       ⒉ ᠲᠦ᠋ ᠵᠢᠢ᠄ ᠬᠦᠯᠦᠨ ᠪᠤᠶᠢᠷ ᠤᠨ ᠲᠡᠳ᠋ ᠠᠮᠪᠠᠨ ᠤ ᠬᠤᠳᠠ ᠠᠴᠠ 230 ᠭᠠᠵᠠᠷ ᠪᠠᠶᠢᠭ᠎ᠠ ᠬᠦᠢᠳᠡᠨ ᠭᠤᠤᠯ ︵奎腾河︶᠎ ᠤᠨ ᠰᠠᠪᠠ ᠭᠠᠵᠠᠷ ᠲᠤ ᠪᠤᠢ᠃       ⒊ ᠬᠦ᠊ · ᠫᠧᠷᠯᠠᠢ᠄  ᠤᠨᠤᠨ ᠭᠡᠷᠦᠯᠦᠨ ᠤ ᠬᠤᠭᠤᠷᠤᠨᠳᠦ ᠪᠠᠶᠢᠭ᠎ᠠ ᠬᠦᠢᠳᠡᠨ ᠱᠤᠤᠰᠦ ᠭᠡᠳᠡᠭ ᠭᠠᠵᠠᠷ ᠨᠢ ᠭᠠᠵᠠᠷ ᠤᠨ ᠲᠦᠳᠡ ᠶᠢ ᠪᠤᠳᠤᠪᠠᠯ ᠮᠦᠨ ᠪᠤᠯᠤᠯᠳᠠᠢ᠃       ⒋ ᠸᠠᠩ ᠬᠦᠸᠧ ᠸᠧᠢ᠄ ︽︿ᠮᠧᠩ ᠰᠢ ᠪᠢ ᠲᠠᠨ﹀ ᠭᠡᠳᠡᠭ ᠪᠢᠴᠢᠭ ᠲᠤ ᠦᠵᠡᠪᠡᠯ᠂ ᠯᠢᠶᠤᠤ ︵ᠬᠢᠳᠠᠨ︶ ᠤᠯᠤᠰ ᠨᠢ ᠤᠮᠠᠷᠠᠳᠦ ᠵᠦᠭ ᠤᠨ ᠠᠶᠢᠮᠠᠭ ᠤᠳ ᠲᠠᠢ ᠢᠯᠠᠢ ᠠᠭᠤᠯᠠ ᠪᠠᠷ ᠬᠢᠯᠢ ᠶᠢᠨ ᠵᠠᠭᠠᠭ ᠪᠤᠯᠭᠠᠪᠠ ᠭᠡᠵᠡᠢ᠃ ᠤᠳᠦ ᠶᠢᠨ ᠦᠵᠦᠮᠦᠴᠢᠨ ᠪᠠᠷᠠᠭᠤᠨ ᠬᠤᠰᠢᠭᠤᠨ ᠳᠤ ᠡᠮᠦᠨ᠎ᠡ ᠤᠯᠠᠭᠠᠨ ᠲᠠᠪᠠᠭ᠎ᠠ ᠭᠡᠵᠦ ᠪᠠᠶᠢᠳᠠᠭ᠃ ᠲᠡᠬᠦᠨ ᠤ ᠵᠡᠬᠦᠨ ᠬᠤᠶᠢᠨ᠎ᠠ ᠢᠯᠠᠨ ᠪᠤᠭᠳᠦ ᠭᠡᠳᠡᠭ ᠠᠭᠤᠯᠠᠠ ᠪᠠᠶᠢᠨ᠎ᠠ᠃ ᠡᠨᠡ ᠭᠠᠵᠠᠷ ᠨᠢ ᠬᠢᠳᠠᠨ᠂ ᠠᠯᠳᠠᠨ ᠤᠯᠤᠰ ᠤᠨ ᠦᠶ᠎ᠡ ᠶᠢᠨ ᠴᠢᠩᠵᠸᠦ ᠠᠴᠠ ᠤᠮᠠᠷᠠᠰᠢ ᠪᠠᠶᠢᠬᠤ ᠠᠯᠳᠠᠨ ᠤᠯᠤᠰ ᠤᠨ ᠭᠠᠳᠠᠭᠠᠳᠦ ᠪᠠᠬᠢᠯᠡᠯᠳᠡ ᠮᠦᠨ᠃ ᠠᠭᠤᠯᠠ ᠨᠢᠷᠣᠭᠤ ᠶᠢ ᠲᠠᠭᠠᠭᠤᠯᠤᠨ ᠪᠠᠷᠢᠭᠰᠠᠨ ᠪᠠᠬᠢᠯᠡᠯᠳᠡ ᠶᠤᠮ᠃ ᠠᠷᠤᠨ ᠪᠠᠬᠢᠯᠡᠯᠳᠡ ᠭᠡᠳᠡᠭ ᠨᠢ ᠯᠠᠪ ᠡᠨᠡ ᠪᠤᠯᠤᠯᠳᠠᠢ᠃ ᠡᠬᠦᠨᠴᠡ ᠵᠡᠬᠦᠨ ᠬᠤᠶᠢᠰᠢ ᠰᠠᠯᠤᠭᠰᠠᠨ ᠠᠭᠤᠯᠠ ᠶᠢ ᠬᠦᠢᠳᠡᠨ ᠲᠠᠪᠠᠭ᠎ᠠ ᠭᠡᠳᠡᠭ᠃ ᠡᠨᠡ ᠬᠦᠢᠳᠡᠨ ᠠᠭᠤᠯᠠ ᠶᠢᠨ ᠬᠤᠷᠮᠤᠢ ᠪᠤᠯ ᠡᠨᠡ ᠤᠳᠠᠭᠠᠨ ᠤ ᠪᠠᠶᠢᠯᠳᠤᠭᠠᠨ ᠬᠢᠭᠰᠡᠨ ᠭᠠᠵᠠᠷ ᠪᠤᠯᠤᠨ᠎ᠠ᠃ ᠬᠦᠢᠳᠡᠨ ᠭᠡᠮᠡᠬᠦ ᠭᠠᠵᠠᠷ ᠡᠨᠡ ᠪᠢᠯᠡ᠃ ᠡᠬᠦᠨᠴᠡ ᠪᠠᠭ᠋ᠠᠨ ᠪᠠᠷᠠᠭᠤᠨᠰᠢ ᠬᠠᠴᠠᠷ ᠭᠤᠤᠯ ᠪᠠᠶᠢᠳᠠᠭ᠃ ᠬᠠᠷᠠᠯᠵᠢᠨ ᠭᠡᠭᠡᠷ᠎ᠡ ᠭᠡᠳᠡᠭ ᠎ ᠨᠢ ᠡᠨᠡ ᠪᠢᠯᠡ᠃ ᠪᠠᠰᠠ ᠪᠠᠷᠠᠭᠤᠨᠰᠢ ᠰᠠᠶᠢᠨ ᠦᠨᠳᠦᠷ ᠭᠡᠳᠡᠭ ᠠᠭᠤᠯᠠ ᠪᠤᠢ᠂ ᠮᠤᠤ ᠦᠨᠳᠦᠷ ᠭᠡᠳᠡᠭ ᠠᠭᠤᠯᠠ ᠲᠠᠷᠤᠢ ᠡᠨᠡ ᠪᠢᠯᠡ᠃ ᠪᠠᠰᠠ ᠪᠠᠷᠠᠭᠤᠨᠰᠢ ᠬᠦᠷᠬᠦᠷ ᠭᠡᠳᠡᠭ ᠭᠤᠤᠯ᠂ ᠪᠠᠰᠠ ᠨᠢᠭᠡ ᠨᠡᠷ᠎ᠡ ᠪᠠᠷᠭᠤᠷ ᠭᠤᠤᠯ ᠭᠡᠳᠡᠭ᠂ ᠡᠨᠡ ᠨᠢ ᠬᠤᠷᠬ᠎ᠠ ᠪᠤᠷᠬ᠎ᠠ ᠮᠦᠨ᠃ ᠦᠷᠯᠡᠬᠦᠢ ᠰᠢᠷᠦᠭᠡᠯᠵᠢᠳ ᠭᠤᠤᠯ ᠪᠠᠰᠠ ᠲᠡᠬᠦᠨ ᠠᠴᠠ ᠬᠤᠶᠢᠰᠢ ᠭᠤᠷᠪᠠ ᠲᠦᠷᠪᠡᠨ ᠵᠠᠭᠤᠨ ᠭᠠᠵᠠᠷ ᠬᠤᠯᠠ ᠪᠠᠶᠢᠨ᠎ᠠ᠃ ᠤᠯᠠᠭᠠᠨ ᠲᠠᠪᠠᠭ᠎ᠠ ᠠᠴᠠ ᠬᠤᠶᠢᠰᠢ ᠦᠷᠬᠦᠯᠵᠢᠯᠡᠭᠰᠡᠨ ᠠᠭᠤᠯᠠ ᠨᠢᠷᠤᠭᠤ ᠨᠢ ᠲᠠᠷᠤᠢ ᠠᠷᠤᠨ ᠪᠠᠬᠢᠯᠡᠯᠳᠡ ᠪᠤᠯᠤᠨ᠎ᠠ᠃ ᠡᠨᠡ ᠬᠤᠶᠠᠷ ᠪᠠᠶᠢᠯᠳᠤᠭᠠᠨ ᠤ ᠲᠤᠬᠠᠢ ᠲᠡᠮᠳᠡᠭᠯᠡᠭᠰᠡᠨ ᠭᠠᠵᠠᠷ ᠤᠨ ᠨᠡᠷ᠎ᠡ ᠪᠦᠷ ᠨᠡᠶᠢᠴᠡᠵᠦ ᠪᠠᠶᠢᠨ᠎ᠠ᠃ ᠡᠨᠡ ᠬᠤᠶᠠᠷ ᠪᠠᠶᠢᠯᠳᠤᠭᠠᠨ ᠳᠤ ᠡᠮᠦᠨᠡᠰᠢ ᠡᠨᠡ ᠪᠠᠬᠢᠯᠡᠯᠳᠡ ᠶᠢ ᠰᠤᠩᠭᠤᠭᠰᠠᠨ ᠨᠢ ᠴᠦᠭᠡᠨ ᠢᠶᠠᠷ ᠤᠯᠠᠨ ᠢ ᠲᠠᠶᠢᠯᠵᠦ ᠪᠤᠯᠬᠤ ᠬᠠᠯᠬᠠᠪᠴᠢ ᠪᠤᠯᠭᠠᠭᠰᠠᠨ ᠤ ᠤᠴᠢᠷ ᠪᠢᠯᠡ︾᠃        ᠡᠳᠡᠭᠡᠷ ᠡᠷᠳᠡᠮᠳᠡᠳ ᠤᠨ ᠦᠵᠡᠯᠳᠡ ᠭᠡᠳᠦᠶᠢᠪᠡᠷ ᠵᠦᠷᠢᠶ᠎ᠡ ᠲᠠᠢ ᠴᠤ ᠭᠡᠰᠡᠨ ᠬᠦᠢᠳᠡᠨ ᠭᠡᠳᠡᠭ ᠭᠠᠵᠠᠷ ᠤᠯᠠᠭᠠᠢ ᠭᠤᠤᠯ ᠠᠴᠠ ᠡᠮᠦᠨ᠎ᠡ᠂ ᠪᠤᠷᠤ ᠭᠡᠷᠡᠮ ᠠᠴᠠ ᠬᠤᠶᠢᠨ᠎ᠠ ᠪᠠᠶᠢᠪᠠᠯ ᠵᠤᠬᠢᠨ᠎ᠠ᠃ ᠮᠦᠨ ᠪᠤᠷᠤ ᠭᠡᠷᠡᠮ ᠠᠴᠠ ᠤᠶᠢᠷᠬᠠᠨ ᠪᠠᠶᠢᠪᠠᠯ ᠵᠤᠬᠢᠨ᠎ᠠ᠃ ᠸᠠᠩ ᠬᠦᠸᠧ ᠸᠧᠢ ᠶᠢᠨ ᠰᠠᠨᠠᠯ ᠵᠦᠪ ᠪᠠᠶᠢᠨ᠎ᠠ᠃ ᠡᠳᠡᠭᠡᠷ ᠨᠦᠬᠦᠴᠡᠯ ᠢ ᠬᠠᠩᠭᠠᠮᠵᠢᠳᠠᠢ ᠤᠯᠭᠤᠭᠰᠠᠨ ᠭᠠᠵᠠᠷ ᠭᠡᠪᠡᠯ᠂ ᠤᠳᠦ ᠶᠢᠨ ᠠᠷᠤ ᠬᠤᠷᠴᠢᠨ ᠬᠤᠰᠢᠭᠤᠨ ᠤ ᠪᠠᠶ᠋ᠬᠠᠦ᠋ᠨᠳᠦᠷ ᠰᠤᠮᠦ ᠶᠢᠨ ᠪᠠᠷᠠᠭᠤᠨ ᠬᠤᠶᠢᠨ᠎ᠠ᠂ ᠪᠠᠷᠠᠭᠤᠨ ᠦᠵᠦᠮᠦᠴᠢᠨ ᠲᠠᠢ ᠬᠢᠯᠢᠯᠠᠵᠦ ᠪᠠᠶᠢᠭ᠎ᠠ ᠠᠯᠢᠶ᠎ᠠ ᠱᠤᠷᠤᠩ ᠤᠨ ᠡᠮᠦᠨᠡᠬᠢ ᠬᠤᠰᠤᠳᠠᠢ ᠬᠠᠨ ᠠᠭᠤᠯᠠ ᠶᠢᠨ ᠡᠮᠦᠨ᠎ᠡ ᠪᠠᠶᠢᠭ᠎ᠠ ᠪᠠᠶ᠋ᠬᠠᠦ᠋ᠨᠳᠦᠷ ᠰᠤᠮᠦ ᠶᠢᠨ ᠮᠠᠯᠠᠭᠠᠢ ᠶᠢᠨ ᠲᠠᠪᠠᠭᠠᠨ ᠤ ᠬᠤᠶᠢᠳᠦ ᠤᠷᠤᠢ᠂ ᠵᠡᠬᠦᠨ ᠤᠷᠳᠤᠷᠢᠭ ᠤᠨ 119。13、28、、᠂ ᠬᠤᠶᠢᠳᠦ ᠦᠷᠭᠡᠷᠢᠭ ᠤᠨ44。55、28、、᠎ ᠲᠤ ᠤᠷᠤᠰᠢᠵᠦ ᠪᠠᠶᠢᠭ᠎ᠠ 1490 ᠮᠧᠲᠷ ᠦᠨᠳᠦᠷ ᠡᠷᠬᠦᠭᠳᠡᠭᠰᠡᠨ ᠬᠦᠢᠳᠡᠨ ᠠᠭᠤᠯᠠ ᠪᠤᠯᠬᠤ ᠶᠤᠮ᠃ ᠭᠤᠭᠤᠰᠤᠳᠠᠢ ᠬᠠᠨ ᠠᠭᠤᠯᠠ ᠶᠢᠨ ᠪᠠᠷᠠᠭᠤᠨ ᠪᠡᠶ᠎ᠡ ᠳᠤ ᠤᠷᠤᠰᠢᠵᠦ ᠪᠠᠶᠢᠬᠤ ᠡᠨᠡ ᠠᠭᠤᠯᠠ ᠪᠤᠯ ᠶᠡᠭᠡ ᠬᠢᠩᠭᠠᠨ ᠲᠠᠪᠠᠭᠠᠨ ᠤ ᠪᠠᠷᠠᠭᠤᠨᠰᠢ ᠦᠷᠬᠦᠯᠵᠢᠯᠡᠭᠰᠡᠨ ᠨᠢᠷᠤᠭᠤᠨ ᠲᠡᠭᠡᠷ᠎ᠡ ᠤᠷᠤᠰᠢᠬᠤ ᠪᠦᠭᠡᠳ ᠪᠠᠷᠠᠭᠤᠨᠰᠢ ᠪᠠᠭᠠᠷᠢᠨ ᠵᠡᠬᠦᠨ ᠬᠤᠰᠢᠭᠤᠨ ᠤ ᠤᠯᠠᠭᠠᠨ ᠲᠠᠪᠠᠭ᠎ᠠ ᠲᠠᠢ ᠵᠠᠯᠭᠠᠯᠳᠤᠵᠦ᠂ ᠤᠯᠠᠭᠠᠢ ᠭᠤᠤᠯ ᠠᠴᠠ 200 ᠺᠢᠯᠦᠮᠧᠲᠷ ᠡᠮᠦᠨ᠎ᠡ᠂ ᠪᠤᠷᠤ ᠭᠡᠷᠡᠮ ᠠᠴᠠ 43 ᠺᠢᠯᠦᠮᠧᠲᠷ ᠬᠤᠶᠢᠨ᠎ᠠ ᠤᠷᠤᠰᠢᠵᠦ ᠪᠤᠢ᠃ ᠡᠨᠡ ᠠᠭᠤᠯᠠ ᠶᠢᠨ ᠡᠮᠦᠨ᠎ᠡ ᠠᠴᠠ ᠨᠢ ᠬᠦᠨᠳᠡᠯᠡᠨ ᠭᠤᠤᠯ ᠡᠬᠢ ᠠᠪᠴᠦ᠂ ᠪᠠᠷᠠᠭᠤᠨ ᠠᠴᠠ ᠨᠢ ᠪᠤᠷᠭᠠᠰᠤᠳᠠᠢ ᠭᠤᠤᠯ ᠡᠬᠢ ᠠᠪᠳᠠᠭ ᠪᠦᠭᠡᠳ ᠠᠭᠤᠯᠠ ᠶᠢᠨ ᠪᠠᠯ ᠳᠤ ᠪᠠᠶᠢᠭ᠎ᠠ ᠴᠤᠭᠤᠷᠤᠨ ᠢᠳᠡᠭᠳᠡᠭᠰᠡᠨ ᠮᠠᠩᠬᠠᠳᠦ ᠭᠡᠳᠡᠭ ᠭᠠᠵᠠᠷ ᠪᠠᠶᠢᠳᠠᠭ᠃ ᠤᠤᠯ ᠠᠴᠠ ᠬᠠᠭᠤᠴᠢᠨ ᠵᠠᠪ ᠰᠠᠯᠬᠢᠨ ᠳᠤ ᠭᠡᠶᠢᠰᠦᠭᠳᠡᠨ ᠭᠠᠷᠳᠠᠭ ᠲᠤᠯᠠ ᠤᠳᠦ ᠴᠤ ᠭᠡᠰᠡᠨ ᠵᠠᠪᠠᠳᠦ ᠭᠡᠵᠦ ᠨᠡᠷᠡᠯᠡᠭᠰᠡᠭᠡᠷ᠃ ᠲᠡᠷᠡ ᠵᠠᠪᠠ ᠨᠦᠭᠦᠳ ᠢ ᠨᠤᠳᠤᠭ ᠤᠨ ᠬᠦᠮᠦᠰ ᠲᠡᠭᠷᠢ ᠶᠢᠨ ᠰᠤᠮᠦ ᠭᠡᠵᠦ ᠨᠠᠨᠳᠢᠩᠨᠠᠳᠠᠭ ᠠᠵᠢ᠃        ᠬᠦᠢᠳᠡᠨ ᠠᠭᠤᠯᠠ ᠶᠢᠨ ᠵᠡᠬᠦᠨᠰᠢ ᠤᠷᠤᠭᠤᠳᠠᠭᠰᠠᠨ ᠬᠦᠨᠳᠡᠢ ᠶᠢ ᠬᠦᠢᠳᠡᠨ ᠤ ᠬᠦᠨᠳᠡᠢ ᠭᠡᠵᠦ᠂ ᠲᠡᠷᠡ ᠬᠦᠨᠳᠡᠢ ᠠᠴᠠ ᠬᠤᠶᠢᠰᠢ ᠬᠦᠨᠳᠡᠯᠢᠳᠦᠭᠰᠡᠨ ᠵᠠᠪᠠᠢ ᠶᠢ ᠪᠤᠯᠠᠰᠢᠳᠦ ᠭᠡᠳᠡᠭ᠃ ᠲᠡᠷᠡ ᠨᠢ ᠠᠯᠢ ᠦᠶ᠎ᠡ ᠶᠢᠨ ᠬᠢ ᠶᠢ ᠪᠤᠤ ᠮᠡᠳᠡ᠂ ᠤᠯᠠᠨ ᠪᠤᠯᠠᠰᠢ ᠪᠠᠶᠢᠳᠠᠭ ᠠᠴᠠ ᠲᠡᠭᠡᠵᠦ ᠨᠡᠷᠡᠯᠡᠭᠰᠡᠨ ᠭᠡᠳᠡᠭ᠃ ᠭᠡᠬᠦ ᠳᠤ ᠲᠡᠷᠡ ᠲᠠᠶᠢᠨ ᠤ ᠦᠶ᠎ᠡ ᠳᠤ ᠪᠤᠯᠠᠰᠢ ᠭᠡᠷᠡᠭᠳᠡᠢ ᠤᠤ ᠦᠭᠡᠢ ᠤᠤ ᠭᠡᠳᠡᠭ ᠢ ᠮᠡᠳᠡᠬᠦᠶ᠎ᠡ ᠪᠡᠷᠭᠡ᠃ ᠲᠡᠷᠡ ᠪᠤᠯᠠᠰᠢ ᠠᠯᠢ ᠦᠶ᠎ᠡ ᠶᠢᠨ ᠬᠢ ᠭᠡᠳᠡᠭ ᠢ ᠴᠤ ᠬᠠᠷᠠᠬᠠᠨ ᠮᠡᠳᠡᠭᠡ ᠦᠭᠡᠢ᠃ ᠬᠠᠷᠢᠨ ᠨᠢᠭᠡ ᠰᠤᠨᠢᠨ ᠵᠦᠢᠯ ᠭᠡᠪᠡᠯ᠂ ᠲᠤᠬᠠᠢ ᠶᠢᠨ ᠭᠠᠵᠠᠷ ᠤᠨ ᠮᠠᠯᠴᠢᠳ ᠬᠦᠢᠳᠡᠨ ᠠᠭᠤᠯᠠᠨ ᠳᠤ ᠮᠠᠯ ᠮᠠᠯᠵᠢᠳᠠᠭ ᠦᠭᠡᠢ᠂ ᠤᠢ ᠮᠤᠳᠦ ᠡᠪᠡᠰᠦ ᠴᠢᠯᠠᠭᠤ ᠶᠢ ᠨᠢ ᠬᠦᠨᠳᠡᠳᠡᠭ ᠦᠭᠡᠢ᠂ ᠵᠠᠷᠢᠮ ᠨᠢ ᠴᠢᠩᠬᠢᠰ ᠤᠨ ᠲᠠᠬᠢᠯᠭ᠎ᠠ ᠶᠢᠨ ᠭᠠᠵᠠᠷ ᠭᠡᠵᠦ ᠶᠠᠷᠢᠳᠠᠭ᠃ ᠬᠦᠢᠳᠡᠨ ᠤ ᠵᠡᠬᠦᠨ ᠪᠡᠶ᠎ᠡ ᠪᠠᠷ ᠤᠷᠤᠭᠰᠢ 60 ᠺᠢᠯᠦᠮᠧᠲᠷ ᠶᠠᠪᠤᠪᠠᠯ ᠪᠤᠷᠤ ᠭᠡᠷᠡᠮ ᠤᠨ ᠪᠠᠭᠤᠷᠢ ᠳᠤ ᠬᠦᠷᠦᠨ᠎ᠡ᠃ ᠠᠳᠡᠬᠢ ᠪᠤᠷᠤ ᠭᠡᠷᠡᠮ ᠮᠠᠨᠢᠳᠦ ᠶᠢᠨ ᠲᠦᠷᠪᠡᠯᠵᠢᠨ ᠬᠤᠳᠠ ᠠᠴᠠ ᠬᠤᠶᠢᠰᠢ ᠪᠠᠨ ᠠᠷᠪᠠᠭᠠᠳ ᠭᠠᠵᠠᠷ ᠤᠨ ᠵᠠᠢ ᠳᠤ᠂ ᠲᠠᠷᠬᠠᠨ ᠠᠶᠢᠯ ᠠᠴᠠ ᠡᠮᠦᠨᠡᠰᠢ ᠠᠷᠪᠠᠭᠠᠳ ᠭᠠᠵᠠᠷ ᠵᠠᠢ ᠳᠤ᠂ ᠲᠠᠯᠠᠪᠠᠢ ᠠᠶᠢᠯ ᠤᠨ ᠠᠷᠤ ᠳᠤ᠂ ᠬᠤᠶᠠᠷ ᠲᠠᠯ᠎ᠠ ᠠᠴᠠ ᠎ ᠨᠢ ᠰᠢᠷᠤᠢ ᠠᠪᠴᠦ ᠪᠤᠰᠬᠠᠭᠰᠠᠨ ᠭᠡᠷᠡᠮ ᠤᠨ ᠤᠷᠤᠮ ᠪᠠᠶᠢᠬᠤ ᠪᠦᠭᠡᠳ ᠭᠠᠭ᠋ᠠᠶᠢᠳᠦ ᠲᠠᠪᠠᠭ᠎ᠠ ᠶᠢ ᠲᠠᠪᠠᠭᠠᠳ ᠤᠷᠤᠮᠠᠭᠴᠠ ᠬᠤᠶᠠᠷ ᠲᠠᠪᠬᠤᠷ ᠭᠡᠷᠡᠮ ᠲᠠᠢ ᠴᠠᠶᠢᠵᠠ ᠶᠢᠨ ᠪᠠᠭᠤᠷᠢ ᠬᠠᠷᠠᠭᠳᠠᠨ᠎ᠠ᠃ ᠲᠡᠷᠡ ᠴᠠᠶᠢᠵᠠ ᠶᠢᠨ ᠪᠠᠷᠠᠭᠤᠨ ᠲᠤᠤᠷ᠎ᠠ ᠨᠢ ᠡᠮᠦᠨᠡᠰᠢ ᠤᠮᠠᠷᠠᠰᠢ ᠨᠡᠪᠳᠡᠷᠡᠬᠦ ᠵᠠᠮ ᠪᠠᠶᠢᠭ᠎ᠠ ᠨᠢ ᠰᠡᠬᠦᠯ ᠳᠤ ᠰᠡᠳᠡᠯᠵᠦ ᠡᠬᠦᠳᠡ ᠪᠤᠯᠭᠠᠭᠰᠠᠨ ᠮᠠᠶ᠋ᠢᠭ ᠦᠭᠡᠢ ᠬᠠᠷᠢᠨ ᠤᠤᠯ ᠠᠴᠠ ᠨᠢᠭᠡᠨ ᠡᠬᠦᠳᠡ ᠪᠠᠶᠢᠭᠰᠠᠨ ᠪᠤᠯᠤᠯᠳᠠᠢ᠃        ᠲᠡᠭᠡᠷᠡᠬᠢ ᠰᠤᠷᠠᠭ ᠴᠢᠮᠡᠭᠡ ᠶᠢ ᠲᠤᠯᠭᠤᠷ ᠪᠢᠴᠢᠭ ᠪᠠ ᠯᠠᠪᠯᠠᠯᠳᠠ ᠪᠢᠴᠢᠭ ᠤᠳ ᠤᠨ ᠮᠡᠳᠡᠭᠡ ᠲᠠᠢ ᠤᠶᠠᠯᠳᠤᠭᠤᠯᠪᠠᠯ 1202 ᠤᠨ ᠤ ᠬᠦᠢᠳᠡᠨ ᠤ ᠪᠠᠶᠢᠯᠳᠤᠭᠠᠨ ᠡᠨᠡ ᠭᠠᠵᠠᠷ ᠪᠤᠯᠤᠭᠰᠠᠨ ᠪᠠᠶᠢᠬᠤ ᠭᠡᠵᠦ ᠪᠢ ᠦᠵᠡᠵᠦ ᠪᠤᠢ ᠃        ᠬᠦᠢᠳᠡᠨ ᠤᠷᠴᠢᠮ ᠪᠤᠯᠤᠭᠰᠠᠨ ᠲᠡᠷᠡ ᠬᠦᠢᠳᠡᠨ ᠲᠤᠯᠤᠯᠳᠤᠭᠠᠨ ᠤᠳᠦ ᠠᠴᠠ ᠢᠨᠠᠷᠤ ᠲᠡᠷᠳᠡᠭᠡ ᠪᠤᠯᠵᠠᠢ᠃ ᠭᠡᠪᠡᠴᠦ ᠵᠠᠮᠤᠬ᠎ᠠ ᠶᠢᠨ ᠬᠤᠯᠪᠤᠭ᠎ᠠ ᠶᠢ ᠵᠠᠳᠠ ᠡᠪᠳᠡᠵᠦ᠂ ᠡᠷᠬᠢᠬᠦᠦ ᠰᠡᠯᠡᠮ᠎ᠡ ᠡᠵᠡᠨ ᠳᠡᠭᠡᠨ ᠭᠡᠭᠴᠢ ᠪᠠᠷ ᠡᠷᠬᠢᠵᠦ ᠲᠡᠳᠡᠨ ᠤ ᠲᠤᠯᠤᠭᠠᠢ ᠲᠡᠭᠡᠷ᠎ᠡ ᠲᠤᠭᠰᠢᠨ ᠰᠢᠭᠤᠷᠭ᠎ᠠ ᠬᠦᠢᠳᠡᠨ ᠰᠠᠯᠬᠢ ᠪᠠᠭᠤᠯᠭᠠᠭᠰᠠᠨ ᠲᠡᠮᠳᠡᠭᠯᠡᠯ ᠤᠳ ᠢ ᠰᠤᠨᠢᠷᠬᠠᠨ ᠰᠢᠨᠵᠢᠬᠦ ᠳᠤ ᠲᠤᠮᠤᠭ ᠮᠢᠹ ᠮᠡᠳᠦ ᠲᠡᠳᠡᠭᠡᠷ ᠤᠯᠠᠮᠵᠢᠯᠠᠯ ᠳᠤ ᠮᠦᠨ ᠲᠡᠦᠭᠡ ᠶᠢᠨ ᠵᠢᠮ᠎ᠡ ᠶᠤᠰᠦ ᠶᠢ ᠶᠤᠭᠳᠠᠯᠢᠭ ᠦᠵᠡᠬᠦᠯᠦᠭᠰᠡᠨ ᠮᠡᠳᠦ ᠰᠠᠨᠠᠭᠳᠠᠨ᠎ᠠ᠃  ᠡᠨᠡ ᠪᠦᠬᠦᠨ ᠲᠡᠦᠭᠡ ᠪᠤᠯᠤᠭᠰᠠᠨ ᠴᠤ ᠡᠳᠡᠭᠡᠷ ᠲᠡᠦᠭᠡ ᠲᠤᠮᠤᠭ ᠢ ᠡᠷᠬᠢᠴᠡᠬᠦᠯᠦᠨ ᠰᠠᠨᠠᠵᠦ᠂ ᠡᠷᠬᠢᠮᠨᠡᠨ ᠨᠠᠨᠳᠢᠩᠨᠠᠵᠦ᠂ ᠡᠩ ᠲᠡᠯᠡᠭᠡᠢ ᠶᠢᠨ ᠰᠤᠶᠤᠯ ᠳᠤ ᠦᠪ ᠪᠤᠯᠭᠠᠨ ᠦᠯᠡᠳᠡᠭᠡᠬᠦ ᠨᠢ ᠵᠦᠪ ᠪᠤᠢ ‍ᠶ᠎ᠠ᠃
 
ᠢᠷᠡᠯᠲᠡ᠄ www.kqmw.gov.cn
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号