ᠬᠡᠰᠢᠭᠳᠡᠨ ᠪᠦᠬᠡ  ᠶᠢᠨ ᠰᠣᠶᠣᠯ ᠪᠣᠶᠣ ᠦᠨᠦᠳᠦᠷ
ᠨᠡᠶᠢᠲᠡᠯᠡᠭᠰᠡᠨ ᠴᠠᠭ᠄
2009/9/27
           ︽ᠬᠢᠴᠡ ᠰᠠᠶᠢᠳᠠᠢ ᠭᠡᠰᠢᠭᠳᠡᠨ ᠪᠦᠭᠡ᠂ ᠬᠦᠴᠦ ᠶᠡᠭᠡ ᠲᠠᠢ ᠦᠵᠦᠮᠦᠴᠢᠨ ᠪᠦᠭᠡ︾ ᠭᠡᠰᠡᠨ ᠦᠭᠡᠨ ᠠᠴᠠ ᠭᠡᠰᠢᠭᠳᠡᠨ ᠰᠤᠶᠤᠯ ᠤᠨ ᠮᠢᠨᠢ ᠨᠢᠭᠡ ᠨᠢ ᠪᠤᠯᠤᠭᠰᠠᠨ ᠮᠤᠩᠭᠤᠯ ᠪᠦᠭᠡ ᠨᠢ ᠪᠤᠰᠤᠳ ᠬᠤᠰᠢᠭᠤ ᠠᠶᠢᠮᠠᠭ ᠤᠨ ᠪᠦᠭᠡᠴᠤᠳ ᠲᠠᠢ ᠮᠦᠷᠦ ᠵᠡᠷᠭᠡᠴᠡᠨ ᠰᠢᠭᠤᠷᠬᠠᠶᠢᠯᠠᠵᠦ᠂ ᠮᠦᠨ ᠡᠨᠡᠬᠦ ᠤᠷ᠎ᠠ ᠮᠡᠷᠭᠡᠵᠢᠯ ᠢᠶᠠᠷ ᠢᠶᠠᠨ ᠨᠤᠳᠤᠭ ᠤᠰᠤᠨ ᠤ ᠪᠠᠨ ᠭᠡᠶᠢᠮᠦᠷᠢ ᠰᠦᠯᠳᠡ ᠶᠢ ᠦᠢ ᠲᠦᠮᠡᠨ ᠳᠤ ᠭᠠᠶᠢᠬᠠᠭᠤᠯᠤᠨ᠂ ᠮᠤᠩᠭᠤᠯ ᠪᠦᠭᠡ ᠶᠢᠨ ᠲᠡᠪᠴᠠᠩ ᠳᠤ ᠠᠯᠳᠠᠷ ᠨᠡᠷ᠎ᠡ ᠪᠠᠨ ᠲᠠᠭᠤᠷᠢᠰᠤᠭᠤᠯᠵᠦ ᠶᠠᠪᠤᠭᠰᠠᠨ ᠲᠡᠦᠭᠡ ᠲᠠᠢ ᠭᠡᠳᠡᠭ ᠢ ᠮᠡᠳᠡᠵᠦ ᠪᠤᠯᠤᠨ᠎ᠠ᠃            ᠲᠡᠭᠡᠷ᠎ᠡ ᠵᠠᠭᠤᠨ ᠤ ᠠᠷᠪᠠᠭᠠᠳ ᠤᠨ ᠤ ᠦᠶ᠎ᠡ ᠳᠤ ᠭᠡᠰᠢᠭᠳᠡᠨ ᠤ ᠵᠡᠬᠦᠨ ᠠᠷᠤ ᠨᠤᠳᠤᠭ ᠲᠤ ᠪᠠᠶᠠᠨᠴᠠᠭᠠᠨ ᠭᠡᠰᠡᠨ ᠵᠤᠭᠰᠤᠭ᠎ᠠ ᠪᠦᠭᠡ ᠪᠠᠶᠢᠭᠰᠠᠨ ᠢᠶᠠᠨ ᠲᠡᠬᠦᠨ ᠤ ᠲᠠᠷᠠᠭ᠎ᠠ ᠪᠠᠷ ᠲᠡᠯᠡᠭᠡᠶᠢᠬᠤᠩᠭᠤᠷ ᠭᠡᠰᠡᠨ ᠰᠠᠶᠢᠨ ᠪᠦᠭᠡ ᠵᠠᠯᠭ᠎ᠠ ᠪᠠᠷ ᠨᠡᠷ᠎ᠡ ᠮᠠᠨᠳᠤᠵᠦ ᠭᠠᠳᠠᠨ᠎ᠠ ᠠᠶᠢᠮᠠᠭ ᠬᠤᠰᠢᠭᠤᠨ ᠤ ᠶᠡᠭᠡ ᠶᠡᠭᠡ ᠨᠠᠶᠢᠷ ᠴᠤᠭᠯᠠᠭᠠᠨ ᠳᠤ ᠨᠤᠭᠳᠦ ᠪᠦᠰᠡᠯᠡᠵᠦ ᠤᠴᠢᠭᠠᠳ ᠪᠠᠷᠢᠯᠳᠦᠵᠦ ᠲᠡᠷᠢᠬᠦᠯᠡᠨ ᠱᠠᠩ ᠳᠤ ᠤᠯᠤᠭᠰᠠᠨ ᠦᠷᠢᠶ᠎ᠡ ᠲᠠᠭ᠎ᠠ ᠪᠠᠨ ᠨᠠᠶᠢᠷ ᠤᠨ ᠲᠠᠯᠠᠪᠠᠢ ᠠᠴᠠ ᠰᠤᠭᠤᠪᠳᠠᠵᠦ ᠭᠠᠷᠴᠦ ᠶᠠᠪᠤᠭᠰᠠᠨ ᠤᠳᠠᠭ᠎ᠠ ᠲᠠᠢ ᠭᠡᠵᠦ ᠪᠤᠭᠤᠷᠤᠯᠴᠤᠳ ᠬᠠᠭᠤᠴᠢᠯᠠᠳᠠᠭ ᠪᠠᠶᠢᠭᠰᠠᠨ᠃           1958 ᠤᠨ ᠪᠤᠯᠬᠤ ᠳᠤ ᠰᠢᠯᠢ ᠶᠢᠨ ᠭᠤᠤᠯ ᠠᠶᠢᠮᠠᠭ ᠲᠤ ᠶᠠᠪᠤᠭᠳᠠᠭᠰᠠᠨ ᠪᠦᠬᠦ ᠤᠷᠤᠨ ᠤ ᠶᠢᠰᠦᠨ ᠠᠶᠢᠮᠠᠭ ᠬᠤᠳᠠ ᠶᠢᠨ ᠦᠨᠳᠦᠰᠦᠳᠡᠨ ᠤ ᠪᠦᠭᠡ ᠶᠢᠨ ᠤᠷᠤᠯᠳᠤᠭᠠᠨ ᠳᠤ ᠲᠦᠷᠪᠡᠳᠦᠭᠡᠷ ᠨᠡᠷ᠎ᠡ ᠳᠤ ᠤᠷᠤᠭᠰᠠᠨ ᠭᠤᠩᠴᠤᠭᠰᠡᠷᠡᠩ ᠢ ᠦᠪᠤᠷ ᠮᠤᠩᠭᠤᠯ ᠤᠨ ᠲᠠᠮᠢᠷ ᠤᠨ ᠵᠦᠪᠯᠡᠯ ᠪᠢᠰᠢᠷᠡᠨ ᠲᠤᠭᠤᠵᠦ ᠤᠷᠤᠨ ᠤ ᠪᠦᠭᠡ ᠶᠢᠨ ᠠᠩᠬᠢ ᠳᠤ ᠵᠢᠩᠬᠢᠨᠢ ᠲᠠᠮᠢᠷᠴᠢᠨ ᠢᠶᠠᠷ ᠡᠯᠰᠡᠨ ᠠᠪᠠᠴᠢᠪᠠ᠃ ᠲᠤᠬᠠᠢ ᠶᠢᠨ ᠦᠶ᠎ᠡ ᠳᠤ ᠲᠤᠮᠳᠠᠳᠦ ᠮᠠᠶ᠋ᠢᠭ ᠤᠨ ᠪᠦᠭᠡ ᠪᠠ ᠮᠤᠩᠭᠤᠯ ᠪᠦᠭᠡ ᠶᠢ ᠵᠡᠷᠭᠡᠳᠡ ᠨᠢ ᠰᠤᠷᠤᠯᠴᠠᠭᠰᠠᠨ ᠠᠴᠠ 1963 ᠤᠨ ᠳᠤ ᠠᠷᠪᠠᠨ ᠮᠤᠵᠢ ᠬᠠᠮᠳᠤᠷᠠᠨ ᠡᠷᠬᠢᠯᠡᠭᠰᠡᠨ ᠪᠦᠬᠦ ᠤᠯᠤᠰ ᠤᠨ ᠶᠡᠭᠡ ᠨᠠᠶᠢᠷ ᠲᠤ ᠲᠡᠷᠢᠬᠦᠨ ᠨᠡᠷ᠎ᠡ ᠶᠢ ᠠᠪᠤᠭᠰᠠᠨ ᠪᠦᠭᠡᠳ 1965 ᠤᠨ ᠳᠤ ᠲᠣᠮᠳᠠᠳᠦ ᠤᠯᠤᠰ ᠤᠨ ᠬᠤᠶᠠᠷᠳᠠᠬᠢ ᠤᠳᠠᠭᠠᠨ ᠤ ᠪᠡᠶ᠎ᠡ ᠲᠠᠮᠢᠷ ᠤᠨ ᠤᠷᠤᠯᠳᠤᠭᠠᠨ ᠳᠤ ᠲᠤᠮᠳᠠᠳᠦ ᠮᠠᠶ᠋ᠢᠭ ᠤᠨ ᠪᠦᠭᠡ ᠶᠢᠨ ᠲᠤᠮᠳᠠ ᠲᠡᠰ ᠳᠡᠭᠡᠨ ᠲᠡᠬᠢᠨᠳᠠ ᠲᠡᠷᠢᠬᠦᠯᠡᠵᠦ ᠠᠯᠳᠠᠨ ᠮᠧᠲᠯ ᠢᠶᠠᠷ ᠱᠠᠩᠨᠠᠭᠳᠠᠵᠦ ᠤᠯᠤᠰ ᠤᠨ ᠪᠡᠶ᠎ᠡ ᠲᠠᠮᠢᠷ ᠤᠨ ᠵᠦᠪᠯᠡᠯ ᠠᠴᠠ ︽ᠲᠠᠪᠤᠨ ᠰᠠᠶᠢᠨᠳᠠᠢ ᠲᠠᠮᠢᠷᠴᠢᠨ︾᠎ ᠢᠶᠠᠷ ᠴᠤᠯᠠᠯᠠᠪᠠ᠃ 1965  ᠤᠨ ᠤ 9 ᠰᠠᠷ᠎ᠠ ᠳᠤ ᠮᠤᠩᠭᠤᠯ ᠤᠨ ᠨᠡᠶᠢᠰᠯᠡᠯ ᠤᠯᠠᠭᠠᠨᠪᠠᠭᠠᠳᠤᠷ ᠬᠤᠳᠠᠨ᠎ᠠ ᠶᠠᠪᠤᠭᠳᠠᠭᠰᠠᠨ ᠲᠤᠮᠳᠠᠳᠦ ᠵᠦᠪᠯᠡᠯᠳᠦ ᠎ ᠶᠢᠨ ᠪᠦᠭᠡ ᠶᠢᠨ ᠤᠷᠤᠯᠳᠤᠭᠠᠨ ᠳᠤ ᠲᠤᠮᠳᠠᠳᠦ ᠤᠯᠤᠰ ᠢᠶᠠᠨ ᠲᠦᠯᠦᠭᠡᠯᠡᠵᠦ ᠬᠦᠷᠦᠭᠡᠳ ᠲᠠᠪᠤᠳᠤᠭᠠᠷ ᠨᠡᠷ᠎ᠡ ᠳᠤ ᠤᠷᠤᠵᠠᠢ᠃ ᠤᠯᠤᠰ ᠳᠠᠭᠠᠨ ᠪᠤᠴᠠᠨ ᠢᠷᠡᠭᠰᠡᠨ ᠤ ᠲᠠᠷᠠᠭ᠎ᠠ ᠨᠠᠮ ᠲᠦᠷᠦ ᠶᠢᠨ ᠤᠳᠤᠷᠢᠳᠬᠤ ᠬᠦᠮᠦᠨ ᠮᠠᠤ ᠽᠧ ᠳ᠋ᠦᠩ᠂ ᠵᠸᠦ ᠡᠸ᠋ᠨ ᠯᠠᠢ᠂ ᠯᠢᠦ ᠱᠤᠤ ᠴᠢ᠂ ᠴᠧᠨ ᠢ᠂ ᠳ᠋ᠧᠩ ᠰᠢᠶᠤᠤ ᠫᠢᠩ ᠨᠡᠷ ᠬᠦᠯᠢᠶᠡᠨ ᠠᠪᠴᠦ ᠠᠭᠤᠯᠵᠠᠨ ᠂ ᠲᠤᠳᠤᠨᠤᠰᠤᠭ ᠢᠶᠠᠷ ᠶᠠᠷᠢᠯᠴᠠᠨ ︽ᠤᠯᠤᠰ ᠤᠨ ᠮᠠᠩᠯᠠᠢ ᠠᠪᠤᠷᠭᠤ︾ ᠭᠡᠮᠡᠨ ᠰᠠᠶᠢᠰᠢᠶᠠᠵᠦ᠂ ᠬᠠᠮᠳᠦ ᠶᠢᠨ ᠰᠡᠬᠦᠳᠡᠷ ᠲᠠᠳᠠᠭᠤᠯᠤᠨ ᠲᠤᠷᠠᠰᠬᠠᠯ ᠦᠯᠡᠳᠡᠭᠡᠪᠡ᠃            1963 ᠤᠨ ᠳᠤ ᠠᠪᠠᠭ᠎ᠠ ᠬᠤᠰᠢᠭᠤᠨ ᠤ ᠶᠠᠩᠳᠦ ᠰᠦᠮ᠎ᠡ ᠶᠢᠨ ᠨᠠᠶᠢᠷ ᠲᠤ ᠭᠤᠩᠴᠤᠭᠰᠡᠷᠡᠩ ᠤᠴᠢᠭᠠᠳ ᠮᠦᠩᠬᠦᠨ ᠬᠠᠵᠠᠭᠠᠷ ᠪᠦᠰᠡᠯᠡᠵᠦ ᠢᠷᠡᠭᠰᠡᠨ ᠨᠡᠷᠡᠳᠦ ᠪᠦᠭᠡ ᠴᠤᠤᠳᠦ ᠠᠪᠤᠷᠭᠤ ᠲᠡᠭᠡᠭᠡ ᠮᠢᠵᠢᠳ ᠵᠡᠷᠭᠡ ᠬᠦᠮᠦᠰ ᠢ ᠬᠤᠶᠢᠨ᠎ᠠ ᠬᠤᠶᠢᠨ᠎ᠠ ᠠᠴᠠ ᠨᠢ ᠬᠤᠭᠤᠰᠤᠳᠠᠭᠤᠯᠵᠦ ᠲᠡᠷᠢᠬᠦᠯᠡᠪᠡ᠃ ᠡᠬᠦᠨ ᠠᠴᠠ ᠭᠠᠳᠠᠨ᠎ᠠ ᠬᠤᠶᠠᠳᠤᠭᠠᠷ ᠦᠶ᠎ᠡ ᠶᠢᠨ ᠨᠠᠮ ᠪᠠ ᠲᠦᠷᠦ ᠶᠢᠨ ᠤᠳᠤᠷᠢᠳᠬᠤ ᠬᠦᠮᠦᠰ ᠲᠠᠢ ᠲᠤᠳᠤᠨᠤᠰᠤᠭ ᠢᠶᠠᠷ ᠶᠠᠷᠢᠯᠴᠠᠨ ᠲᠤᠷᠠᠰᠬᠠᠯ ᠤᠨ ᠰᠡᠬᠦᠳᠡᠷ ᠲᠠᠳᠠᠭᠤᠯᠤᠨ᠂  ︽ᠤᠯᠤᠰ ᠤᠨ ᠠᠪᠤᠷᠭᠤ︾ ᠴᠤᠯᠠ ᠬᠠᠮᠠᠭᠠᠯᠠᠭᠰᠠᠨ ᠬᠦᠩᠭᠡᠨ ᠲᠡᠰ ᠤᠨ ᠠᠪᠤᠷᠭᠤ ᠯᠠᠮᠵᠠᠪ᠂ ᠪᠠᠭ᠎ᠠ ᠭᠤᠨᠴᠤᠭ ᠨᠠᠷ ᠢ ᠲᠤᠷᠠᠳᠤᠭᠤᠰᠢᠳᠠᠢ᠃ ᠡᠳᠡᠭᠡᠷ ᠬᠦᠮᠦᠰ ᠪᠤᠯ ᠪᠦᠷ ᠴᠢᠩᠬᠢᠰ ᠤᠨ ᠭᠡᠰᠢᠭ ᠴᠡᠷᠢᠭ᠂  ᠬᠤᠩᠬᠢᠷᠠᠳ ᠠᠶᠢᠮᠠᠭ ᠤᠨ ᠨᠤᠳᠤᠭ ᠠᠴᠠ ᠭᠠᠷᠤᠭᠰᠠᠨ ᠭᠡᠰᠢᠭᠳᠡᠨ ᠪᠦᠭᠡᠴᠤᠳ ᠶᠤᠮ᠃ ᠲᠡᠷᠡ ᠪᠠᠷ ᠵᠤᠭᠰᠤᠬᠤ ᠪᠢᠰᠢ ᠤᠷᠤᠨ ᠨᠤᠳᠤᠭ ᠳᠠᠭᠠᠨ ᠠᠯᠳᠠᠷᠳᠠᠢ ᠨᠤᠳᠤᠭ ᠤᠰᠤᠨ ᠤ ᠪᠠᠨ ᠨᠡᠷ᠎ᠡ ᠶᠢ ᠡᠷᠬᠦᠵᠦ ᠶᠠᠪᠤᠭᠰᠠᠨ ᠨᠡᠷᠡᠳᠦ ᠪᠦᠭᠡᠴᠤᠳ ᠭᠡᠪᠡᠯ ︽ᠰᠢᠷᠤᠬᠦᠨ ᠬᠠᠷ᠎ᠠ︾  — ᠷᠤᠯᠮ᠎ᠠ᠂ ︽ᠬᠦᠵᠡᠭᠡ ᠠᠪᠤᠷᠭᠤ︾ —  ᠵᠢᠷᠭᠠᠯ᠂ ︽ᠵᠢᠶᠤᠤᠫᠢ ᠪᠦᠭᠡ︾ —  ᠤᠶᠤᠨᠪᠢᠯᠢᠭ᠌᠂ ︽ᠡᠷ᠎ᠡ ᠎ ᠲᠠᠢ ᠪᠠᠷᠢᠯᠳᠤᠳᠠᠭ︾ —  ᠪᠠᠳᠦ᠂ ︽ᠡᠪ ᠲᠠᠢ ᠪᠠᠷᠢᠯᠳᠤᠳᠠᠭ︾ —  ᠬᠦᠨᠪᠢᠯᠢᠭ ᠵᠡᠷᠭᠡ ᠬᠦᠮᠦᠰ ᠪᠤᠢ᠃ ᠲᠠᠪᠢᠭᠠᠳ ᠤᠨ ᠤ ᠦᠶ᠎ᠡ ᠳᠤ ᠷᠤᠯᠮ᠎ᠠ ᠠᠶᠢᠮᠠᠭ ᠤᠨ ᠨᠠᠶᠢᠷ ᠲᠤ ᠲᠡᠭᠡᠳᠦ ᠲᠦᠷᠪᠡ ᠳᠤ ᠬᠤᠶᠠᠷ ᠤᠳᠠᠭ᠎ᠠ ᠤᠷᠤᠵᠦ᠂ ᠲᠡᠬᠦᠨ ᠠᠴᠠ ᠬᠤᠶᠢᠰᠢ ᠪᠦᠭᠡ ᠭᠡᠳᠡᠭ ᠢ ᠨᠢ ᠨᠡᠶᠢᠭᠡᠮ ᠮᠡᠳᠡᠷᠡᠭᠰᠡᠨ ᠠᠴᠠ ᠵᠤᠤ ᠤᠳᠠ ᠠᠶᠢᠮᠠᠭ ᠤᠨ ᠪᠦᠭᠡ  ᠶᠢᠨ ᠪᠤᠯᠪᠠᠰᠤᠷᠠᠯ ᠤᠨ ᠠᠩᠬᠢ ᠶᠢᠨ ᠰᠤᠷᠭᠠᠭᠴᠢ ᠪᠠᠷ ᠤᠯᠠᠨᠳᠠ ᠤᠷᠢᠭᠳᠠᠨ᠂ ᠠᠶᠢᠮᠠᠭ ᠬᠤᠳᠠ ᠪᠠᠨ ᠲᠦᠯᠦᠭᠡᠯᠡᠨ ᠤᠯᠤᠰ ᠤᠨ ᠤᠷᠤᠯᠳᠤᠭᠠᠨ ᠳᠤ ᠮᠦᠩᠬᠦᠨ ᠮᠧᠲᠯ ᠤᠯᠠᠨᠳᠠ ᠬᠦᠷᠳᠡᠵᠦ ᠶᠠᠪᠤᠭᠰᠠᠨ ᠲᠡᠦᠭᠡ ᠲᠠᠢ᠂ ᠡᠷ᠎ᠡ ᠪᠠᠨ ᠲᠡᠩᠰᠡᠵᠦ᠂ ᠡᠷᠳᠡᠮ ᠢᠶᠠᠨ ᠰᠤᠷᠢᠬᠤ ᠪᠠᠷ ᠪᠦᠭᠡᠴᠢᠨ ᠷᠤᠯᠮ᠎ᠠ ᠰᠢᠯᠢ ᠶᠢᠨ ᠭᠤᠤᠯ ᠠᠶᠢᠮᠠᠭ ᠤᠨ ᠨᠠᠶᠢᠷ ᠲᠤ ᠤᠴᠢᠨ ᠪᠠᠷᠢᠯᠳᠤᠵᠦ᠂ ᠨᠡᠷ᠎ᠡ ᠲᠠᠢ ᠭᠡᠳᠦᠨ ᠪᠦᠭᠡᠴᠤᠳ ᠢ ᠨᠡᠯᠢᠶᠡᠳ ᠭᠡᠳᠦ ᠶᠢ ᠰᠢᠷᠤᠶᠢᠳᠠᠭᠤᠯᠤᠨ ᠰᠦᠷᠡᠭᠡᠢ ᠬᠤᠷᠳᠤᠨ ᠪᠠᠷᠢᠯᠳᠤᠯᠭ᠎ᠠ ᠪᠠᠷ ᠢᠶᠠᠨ ︽ᠰᠢᠷᠤᠬᠦᠨ ᠬᠠᠷ᠎ᠠ︾ ᠭᠡᠰᠡᠨ ᠨᠡᠷ᠎ᠡ ᠶᠢ ᠤᠯᠵᠦ ᠪᠢᠯᠡ᠃ ᠤᠤᠳᠤᠬᠤᠢ ᠨᠤᠳᠤᠭ ᠲᠠᠢ ᠤᠶᠤᠨᠪᠢᠯᠢᠭ᠌ ᠭᠡᠭᠴᠢ ᠤᠷᠠᠨ ᠰᠠᠮᠪᠠᠭ᠎ᠠ ᠲᠠᠢ ᠪᠠᠷᠢᠯᠳᠤᠯᠭ᠎ᠠ ᠪᠠᠷ ᠢᠶᠠᠨ  ᠨᠤᠳᠤᠭ ᠤᠰᠦ ᠂ ᠬᠦᠮᠦᠨ ᠵᠤᠨ ᠢᠶᠠᠨ ᠪᠠᠶᠠᠰᠬᠠᠵᠦ ᠶᠠᠪᠤᠭᠰᠠᠨ ᠢᠶᠠᠷ ᠪᠠᠷᠠᠬᠤ ᠦᠭᠡᠢ ᠪᠠᠷᠠᠭᠤᠨ ᠦᠵᠦᠮᠦᠴᠢᠨ ᠤ ᠤᠯᠠᠭᠠᠨ ᠨᠠᠭᠤᠷ ᠰᠤᠮᠦ ᠤᠷᠢᠨ ᠠᠪᠠᠴᠢᠵᠦ᠂ ᠪᠤᠰᠤᠳ ᠰᠤᠮᠦ ᠭᠠᠴᠠᠭᠠᠨ ᠤ ᠎ ᠪᠠᠨ ᠨᠡᠷᠡᠳᠦ ᠪᠦᠭᠡᠴᠤᠳ ᠢ ᠤᠶᠤᠨᠪᠢᠯᠢᠭ᠌ ᠳᠤ ᠨᠢᠭᠡ ᠨᠢᠭᠡ ᠪᠠᠷ ᠲᠤᠯᠭᠠᠬᠤ ᠳᠤ ᠤᠨᠠᠮᠠᠷ ᠪᠤᠯᠤᠭᠠᠳ ᠤᠶᠢᠴᠢᠳᠠᠭ ᠦᠭᠡᠢ᠂ ᠮᠡᠭᠡ ᠪᠦᠬᠦᠨ ᠢ ᠨᠢ ᠲᠠᠭᠠᠭᠠᠳ ᠬᠤᠴᠤᠷᠳᠠᠭ᠂ ᠨᠢᠭᠡ ᠬᠠᠷᠠᠬᠤ ᠳᠤ ᠬᠠᠶᠠᠴᠢᠬᠠᠭᠰᠠᠨ ᠪᠠᠶᠢᠳᠠᠭ ᠨᠢᠷᠦᠭᠤ ᠦᠭᠡᠢ ᠨᠤᠶᠢᠳᠠᠨ ᠪᠦᠭᠡ ᠪᠤᠯᠬᠤᠷ ︽ᠵᠢᠶᠤᠤᠫᠢ ᠪᠦᠭᠡ︾ ᠭᠡᠵᠦ ᠠᠯᠳᠠᠷᠰᠢᠭᠰᠠᠨ ᠶᠤᠮ᠃            ᠴᠠᠭᠠᠨ ᠤᠪᠤᠭ᠎ᠠ ᠨᠤᠳᠤᠭ ᠲᠠᠢ ᠵᠢᠷᠭᠠᠯ ᠭᠡᠭᠴᠢ ᠪᠠᠭ᠎ᠠ ᠰᠢᠭ᠋ ᠪᠡᠶ᠎ᠡ ᠲᠠᠢ᠂ ᠪᠦᠭᠡ ᠬᠦᠮᠦᠨ ᠤ ᠮᠠᠶ᠋ᠢᠭ ᠦᠭᠡᠢ ᠪᠠᠷᠢᠭᠠᠳ ᠠᠪᠤᠪᠠᠯ ᠤᠶᠢᠴᠢᠮᠠᠷ᠂ ᠪᠠᠷᠢᠴᠠ ᠲᠠᠯᠪᠢᠴᠠᠨ ᠲᠡᠭᠡᠷ᠎ᠡ ᠬᠠᠶᠠᠴᠢᠬᠠᠮᠠᠷ ᠡᠩ ᠤᠨ ᠬᠦᠮᠦᠨ ᠤ ᠶᠠᠩᠵᠦ ᠲᠠᠢ ᠴᠤ ᠭᠠᠵᠠᠷ ᠠᠴᠠ ᠶᠡᠷᠦ ᠨᠢ ᠰᠠᠯᠳᠠᠭ ᠦᠭᠡᠢ᠂ ᠭᠠᠯᠵᠠᠭᠤ ᠲᠠᠢ ᠪᠠᠷᠢᠯᠳᠤᠳᠠᠭ ᠪᠦᠭᠡ ᠶᠤᠮ᠃ ᠤᠩᠭᠤᠨ ᠮᠡᠭᠡ  ᠡᠬᠦᠷᠦᠭᠡ ᠨᠢ ᠤᠷᠤᠭ᠎ᠠ ᠮᠤᠷᠢᠨ ᠤ ᠲᠤᠶᠢᠯᠠᠭ᠎ᠠ ᠰᠢᠭ᠋᠂ ᠵᠦᠪ ᠪᠤᠷᠤᠭᠤ ᠦᠭᠡᠢ ᠲᠤᠩᠭᠤᠷᠬᠤ ᠳᠤ ᠵᠤᠭᠰᠤᠭ᠎ᠠ ᠪᠦᠭᠡ ᠭᠠᠷᠤᠭ᠎ᠠ ᠦᠭᠡᠢ᠂ ᠤᠳᠦ ᠦᠶ᠎ᠡ ᠶᠢᠨ ᠪᠦᠭᠡ ᠶᠢᠨ ᠶᠡᠭᠡ ᠪᠠᠭᠰᠢ ᠡᠷᠳᠡᠨᠢᠪᠠᠶᠠᠷ᠂ ᠡᠬᠦᠨ ᠠᠴᠠ ᠭᠠᠳᠠᠨ᠎ᠠ ᠰᠠᠶᠢᠨᠪᠠᠶᠠᠷ᠂ ᠠᠯᠮᠠᠰ ᠵᠡᠷᠭᠡ ᠬᠠᠳᠠᠭᠤ ᠭᠠᠷ ᠤᠳ ᠢ ᠠᠷᠤ ᠠᠷᠤ ᠠᠴᠠ ᠰᠢᠷᠤᠶᠢᠳᠠᠭᠤᠯᠵᠦ᠂ ᠦᠵᠦᠮᠦᠴᠢᠨ ᠤ ᠪᠠᠶᠠᠨᠪᠤᠯᠠᠭ ᠤᠨ ᠬᠦᠷᠦᠰᠦᠨ ᠲᠡᠭᠡᠷ᠎ᠡ ᠨᠤᠳᠤᠭ ᠤᠨ ᠢᠶᠠᠨ ᠠᠯᠳᠠᠷ ᠢ ᠮᠠᠨᠳᠤᠭᠤᠯᠵᠦ᠂ ︽ᠬᠦᠵᠡᠭᠡ ᠠᠪᠤᠷᠭᠤ︾ ᠭᠡᠰᠡᠨ  ᠨᠡᠷ᠎ᠡ ᠶᠢ ᠬᠦᠷᠳᠡᠵᠦ᠂ ᠲᠡᠳ᠋ ᠲᠡᠷᠢᠬᠦᠨ ᠲᠡᠭᠡᠷ᠎ᠡ ᠨᠠᠶᠢᠷ ᠲᠠᠯᠪᠢᠭᠰᠠᠨ ᠰᠠᠶᠢᠬᠠᠨ ᠵᠤᠭᠤᠭ ᠤᠳᠦ ᠪᠤᠯᠳᠠᠯ᠎ᠠ ᠶᠠᠷᠢᠭᠳᠠᠭᠰᠠᠭᠠᠷ ᠁            ᠤᠤᠳᠤᠬᠤᠢ ᠨᠤᠳᠤᠭ ᠲᠠᠢ ᠪᠠᠳᠦ ᠭᠡᠭᠴᠢ 19 ᠨᠠᠰᠤᠨ ᠳᠠᠭᠠᠨ 512 ᠪᠦᠭᠡ ᠶᠢᠨ ᠮᠠᠩᠯᠠᠢ ᠪᠤᠯᠤᠨ ᠲᠤᠳᠤᠷᠠᠭᠰᠠᠨ ᠪᠠᠷᠠᠭᠤᠨ ᠦᠵᠦᠮᠦᠴᠢᠨ ᠤ ᠪᠠᠶᠠᠨᠭᠤᠤᠯ ᠰᠤᠮᠤᠨ ᠳᠤ ᠨᠤᠳᠤᠭ ᠲᠠᠢ ᠨᠡᠷᠡᠳᠦ ᠵᠠᠩᠬᠢᠶᠠᠳᠦ ᠪᠦᠭᠡ᠂ ᠰᠡᠷᠬᠦᠯᠡᠩ᠂ ᠪᠠᠶᠠᠨ ᠰᠢᠯᠢ ᠶᠢᠨ ᠰᠧᠳᠡᠩ᠂ ᠵᠢᠷᠢ ᠶᠢᠨ ᠭᠤᠤᠯ ᠤᠨ ᠭᠡᠦᠭᠡᠨ ᠪᠤᠷᠤ ᠵᠡᠷᠭᠡ ᠰᠠᠶᠢᠬᠠᠨ ᠰᠠᠶᠢᠬᠠᠨ ᠪᠦᠭᠡᠴᠤᠳ ᠢ ᠡᠷ᠎ᠡ ᠶᠢᠨ ᠰᠠᠶᠢᠨ ᠢᠶᠠᠷ ᠬᠠᠶᠠᠵᠦ ᠶᠠᠪᠤᠭᠰᠠᠨ ᠠᠯᠳᠠᠷ ᠲᠠᠢ᠃ ᠵᠡᠬᠦᠨ ᠠᠷᠤ ᠶᠢᠨ ᠵᠢᠷᠦᠭᠡ ᠭᠠᠴᠠᠭᠠᠨ ᠳᠤ ᠨᠤᠳᠤᠭ ᠲᠠᠢ ᠬᠦᠨᠪᠢᠯᠢᠭ ᠭᠡᠭᠴᠢ 1986 ᠤᠨ ᠳᠤ ᠪᠠᠷᠠᠭᠤᠨ ᠪᠠᠭᠠᠷᠢᠨ ᠬᠤᠰᠢᠭᠤᠨ ᠳᠤ ᠪᠤᠯᠤᠭᠰᠠᠨ ᠠᠶᠢᠮᠠᠭ ᠤᠨ ᠶᠡᠭᠡ ᠨᠠᠶᠢᠷ ᠤᠨ 512 ᠬᠦᠴᠦᠳᠦ ᠪᠦᠭᠡ ᠶᠢᠨ ᠲᠡᠮᠡᠴᠡᠭᠡᠨ ᠳᠤ ᠪᠠᠷᠠᠭᠤᠨ ᠪᠠᠭᠠᠷᠢᠨ ᠤ ᠦᠯᠵᠡᠢ᠂ ᠠᠷᠤ ᠬᠤᠷᠴᠢᠨ ᠤ ᠠᠮᠤᠷᠴᠤᠭᠳᠦ ᠵᠡᠷᠭᠡ ᠤᠷᠤᠨ ᠠᠶᠢᠮᠠᠭ ᠤᠨ ᠤᠳᠤᠨ ᠰᠤᠳᠤᠨ ᠪᠦᠭᠡᠴᠤᠳ ᠢ ᠨᠤᠭᠤᠯᠤᠭ᠎ᠠ ᠪᠦᠷᠢ ᠳᠤ ᠰᠢᠷᠤᠶᠢᠳᠠᠭᠤᠯᠵᠦ ᠲᠡᠭᠡᠳᠦ ᠲᠦᠷᠪᠡ ᠳᠤ ᠦᠯᠡᠳᠡᠭᠰᠡᠨ ᠪᠢᠯᠡ᠃ ᠮᠤᠩᠭᠤᠯ ᠰᠤᠶᠤᠯ ᠲᠡᠯᠡᠭᠡᠢ ᠳᠤ ᠮᠡᠳᠡᠷᠡᠭᠳᠡᠵᠦ᠂ ᠮᠤᠩᠭᠤᠯ ᠤᠷᠳᠦ ᠶᠢᠨ ᠲᠠᠭᠤᠤ ᠶᠢᠷᠳᠢᠨᠴᠦ ᠶᠢᠨ ᠴᠢᠬᠢᠨ᠎ᠡ ᠬᠠᠩᠬᠢᠨᠠᠵᠦ᠂ ᠮᠤᠩᠭᠤᠯ ᠪᠦᠭᠡ ᠶᠢᠨ ᠬᠢᠨᠢᠰ ᠤᠨ ᠲᠡᠮᠳᠡᠭᠯᠡᠯ ᠢ ᠡᠬᠦᠳᠦᠭᠰᠡᠨ ᠰᠢᠨ᠎ᠡ ᠮᠢᠩᠭᠠᠨ ᠤ ᠦᠨᠦᠳᠦᠷ ᠮᠤᠩᠭᠤᠯ ᠪᠦᠭᠡ ᠶᠢᠨ ᠬᠤᠰᠢᠭᠤᠴᠢ ᠪᠤᠯᠤᠭᠰᠠᠨ ᠭᠡᠰᠢᠭᠳᠡᠨ ᠪᠦᠭᠡ ᠶᠢᠨ ᠰᠤᠶᠤᠯ ᠬᠠᠷᠢᠨ ᠭᠡᠭᠡᠭᠳᠡᠵᠦ ᠤᠷᠬᠢᠭᠳᠠᠯ᠎ᠠ᠂ ᠭᠡᠴᠢᠨᠡᠨ ᠶᠡᠭᠡ ᠬᠠᠷᠠᠮᠰᠠᠯ᠂ ᠬᠡᠴᠢᠨᠡᠨ ᠶᠡᠭᠡ ᠦᠷᠡᠭᠳᠡᠯ ᠪᠤᠢ⁈ ᠁            ᠲᠡᠭᠡᠳᠦᠰ ᠠᠴᠠ ᠤᠯᠠᠮᠵᠢᠯᠠᠵᠦ ᠢᠷᠡᠭᠰᠡᠨ ᠲᠡᠯᠭᠡᠷ ᠪᠠᠶᠠᠨ ᠦᠨᠳᠦᠰᠦᠳᠡᠨ ᠤ ᠮᠢᠨᠢ ᠡᠨᠡ ᠰᠠᠶᠢᠬᠠᠨ ᠰᠤᠶᠤᠯ ᠨᠡᠶᠢᠭᠡᠮ ᠬᠦᠭᠵᠢᠬᠦ ᠶᠢ ᠲᠠᠭᠠᠯᠳᠤᠨ ᠤᠯᠠᠩᠬᠢ ᠪᠦᠭᠡᠴᠤᠳ᠂ ᠵᠠᠯᠠᠭᠤᠴᠤᠳ ᠤᠨ ᠤᠶᠤᠨ ᠤᠬᠠᠭᠠᠨ ᠠᠴᠠ ᠢᠳᠡᠭ ᠢᠳᠡᠭ ᠢᠶᠠᠷ ᠵᠠᠶᠢᠳᠠᠵᠦ᠂ ᠨᠡᠷ᠎ᠡ ᠲᠠᠢ ᠭᠡᠳᠦᠨ ᠵᠠᠩᠬᠢᠶᠠᠳᠦ ᠪᠦᠭᠡ ᠨᠢ ᠴᠤ ᠨᠡᠶᠢᠭᠡᠮ ᠤᠨ ᠤᠷᠤᠰᠬᠠᠯ ᠳᠤ ᠬᠠᠮᠤᠭᠳᠠᠨ ᠠᠷᠠᠯᠵᠢᠶ᠎ᠠ ᠬᠤᠳᠠᠯᠳᠤᠭ᠎ᠠ᠂ ᠵᠤᠭᠠᠴᠠᠯ ᠤᠨ ᠦᠢᠯᠡᠰ ᠵᠡᠷᠭᠡ ᠤᠯᠠᠨ ᠰᠠᠯᠠᠭ᠎ᠠ ᠵᠠᠮ ᠢᠶᠠᠷ ᠠᠮᠢᠰᠬᠤᠭ᠎ᠠ ᠠᠪᠬᠤ ᠴᠢᠯᠦᠭᠡ ᠦᠭᠡᠢ ᠰᠡᠶᠢᠭᠡᠬᠦᠯᠵᠦ ᠶᠠᠪᠤᠨ᠎ᠠ᠃︽ᠬᠦᠢ᠂ ᠴᠢ ᠪᠠᠰᠠ ᠭᠤᠴᠢ ᠭᠠᠷᠴᠢᠬᠠᠭᠠᠳ ᠪᠠᠷᠢᠯᠳᠤᠨ᠎ᠠ ᠭᠡᠨ᠎ᠡ᠂ ᠪᠠᠶᠢᠴᠢᠬ᠎ᠠ ︕  ᠪᠠᠭ᠎ᠠ ᠪᠦᠭᠡ        ︵ᠴᠠᠬᠢᠯᠭᠠᠨ ᠪᠦᠭᠡ︶᠎ ᠲᠠᠢ ᠲᠠᠭᠠᠷᠠᠬᠤ ᠶᠤᠮ ᠪᠤᠯ ᠪᠤᠳᠠᠭᠠᠨ ᠰᠠᠪᠠ ᠶᠢ ᠴᠢᠨᠢ ᠪᠠᠯᠪᠠ ᠰᠠᠪᠠᠨ᠎ᠠ ᠭᠡᠵᠦ ᠮᠡᠳᠡ︕ ᠦᠨᠦ ᠬᠦᠮᠦᠵᠢᠯᠳᠦ ᠴᠢᠨᠢ ᠲᠦᠴᠢ ᠭᠠᠷᠴᠢᠬᠠᠭᠠᠳ ᠠᠷᠢᠬᠢ ᠪᠠᠨ ᠵᠤᠭᠰᠤᠭᠠᠳ ᠭᠡᠳᠦᠨ ᠰᠠᠷ᠎ᠠ ᠪᠤᠯᠪᠠᠰᠤᠷᠠᠭᠠᠳ ᠪᠦᠭᠡ ᠳᠤ ᠤᠷᠤᠭᠰᠠᠨ ᠴᠢᠨᠢ ᠭᠡᠷᠡᠭ ᠡ︕ ᠭᠡᠳᠦ ᠭᠡᠳᠦᠨ ᠦᠵᠦᠮᠦᠴᠢᠨ ᠤ ᠨᠡᠷᠡᠳᠦ ᠪᠦᠭᠡ ᠶᠢ ᠬᠠᠶᠠᠭᠠᠳ ᠵᠡᠬᠦᠨ ᠬᠠᠶᠢᠷᠬᠠᠨ ᠤ ᠨᠠᠶᠢᠷ ᠲᠡᠭᠡᠷ᠎ᠡ ᠲᠡᠷᠢᠬᠦᠯᠡᠭᠰᠡᠨ ᠭᠡᠨ᠎ᠡ᠂ ᠶᠤᠰᠤᠳᠠᠢ ᠱᠠᠯ ᠲᠡᠮᠡᠢ︕︾ ᠬᠦᠮᠦᠵᠢᠯᠳᠦ ᠶᠢᠨ ᠲᠤᠬᠠᠢ ᠡᠯᠳᠡᠪ ᠵᠦᠢᠯ ᠤᠨ ᠶᠠᠷᠢᠶ᠎ᠠ᠂ ᠬᠦᠭᠡᠷᠡᠭᠡ ᠪᠠᠶᠠᠨᠴᠠᠭᠠᠨ᠂ ᠪᠠᠶᠠᠨᠭᠤᠤᠯ ᠬᠤᠶᠠᠷ ᠰᠤᠮᠤᠨ ᠳᠤ ᠬᠠᠰᠢᠯᠭ᠎ᠠ ᠪᠠᠨ ᠰᠡᠳᠡᠯᠦᠭᠰᠡᠨ ᠦᠶᠡᠷ ᠤᠨ ᠤᠰᠦ ᠰᠢᠭ᠋ ᠨᠡᠶᠢᠳᠡᠮ ᠲᠠᠷᠬᠠᠯ᠎ᠠ᠃ ᠶᠠᠭᠤ ᠭᠡᠯᠡᠭᠰᠡᠨ ᠴᠤ ᠮᠢᠨᠦ ᠪᠤᠳᠤᠯ ᠢᠶᠠᠷ ᠪᠤᠯ ᠬᠦᠮᠦᠵᠢᠯᠳᠦ ᠶᠢᠨ ᠮᠠᠩᠯᠠᠢ ᠪᠤᠯᠤᠭᠰᠠᠨ ᠪᠤᠯ ᠰᠢᠨ᠎ᠡ ᠮᠢᠩᠭᠠᠨ ᠤ ᠬᠠᠭᠤᠳᠠᠰᠤᠨ ᠲᠡᠭᠡᠷ᠎ᠡ ᠭᠡᠰᠢᠭᠳᠡᠨ ᠪᠦᠭᠡ ᠶᠢᠨ ᠬᠤᠭᠤᠰᠤᠨ ᠢ ᠨᠦᠬᠦᠪᠤᠷᠢᠯᠡᠵᠦ᠂ ᠰᠢᠨ᠎ᠡ ᠡᠷᠬᠢᠯᠳᠡ ᠭᠠᠷᠤᠭᠰᠠᠨ ᠪᠠᠶᠢᠵᠦ ᠲᠠᠭᠠᠷᠠᠨ᠎ᠠ᠃ ᠮᠠᠨ ᠤ ᠦᠶ᠎ᠡ ᠶᠢᠨ ᠬᠢᠨ ᠪᠦᠭᠡ ᠶᠢᠨ ᠰᠤᠶᠤᠯ ᠢᠶᠠᠨ ᠬᠦᠨᠳᠦᠯᠡᠪᠡᠯ ᠲᠠᠭᠠᠷᠠᠨ᠎ᠠ᠂ ᠬᠦᠭᠵᠢᠬᠦᠯᠪᠡᠯ ᠵᠤᠬᠢᠨ᠎ᠠ᠃ ᠪᠢᠳᠡᠨ ᠳᠤ ᠶᠠᠭᠤ ᠲᠤᠳᠠᠨ᠎ᠠ︖ ᠵᠤᠷᠢᠭ ᠲᠤᠳᠠᠨ᠎ᠠ᠂ ᠢᠳᠡᠭᠡᠯ ᠲᠤᠳᠠᠨ᠎ᠠ᠃ ᠪᠢᠳᠡᠨ ᠳᠤ ᠠᠷᠢᠬᠢ ᠢᠯᠡᠬᠦᠳᠡᠨ᠎ᠡ᠂ ᠠᠯᠢᠪᠠ ᠭᠡᠷᠡᠭ ᠦᠭᠡᠢ ᠵᠦᠢᠯ ᠪᠦᠷ ᠢᠯᠡᠬᠦᠳᠡᠨ᠎ᠡ᠃ ᠨᠡᠩ ᠴᠢᠨᠠᠭᠰᠢ ᠨᠢ ᠶᠠᠷᠢᠪᠠᠯ ᠦᠵᠦᠮᠦᠴᠢᠨ᠂ ᠪᠠᠭᠠᠷᠢᠨ ᠤ ᠨᠠᠶᠢᠷ ᠬᠢᠬᠦ ᠶᠢ ᠭᠡᠯᠡᠬᠦ ᠦᠭᠡᠢ᠂ ᠦᠪᠡᠷ ᠤᠨ ᠬᠤᠰᠢᠭᠤᠨ ᠤ ᠪᠠᠨ ᠨᠠᠶᠢᠷ ᠢᠶᠠᠨ ᠪᠤᠳᠤᠬᠤ ᠳᠤ ᠴᠠᠭᠠᠨᠵᠠᠭᠠᠨ᠎ᠠ᠂ ᠲᠡᠮᠦᠷ ᠂ ᠮᠢ᠊ · ᠰᠤᠶᠤᠯ ᠮᠡᠳᠦ ᠶᠢᠨ ᠠᠯᠢ  ᠨᠢᠭᠡ ᠮᠤᠩᠭᠤᠯ ᠪᠦᠭᠡ ᠶᠢᠨ ᠠᠪᠤᠷᠭᠤ ᠢᠷᠡᠭᠰᠡᠭᠡᠷ ᠡᠨᠡ ᠤᠳᠠᠭᠠᠨ ᠤ ᠨᠠᠶᠢᠷ ᠤᠨ ᠱᠠᠩ ᠢ ᠯᠠᠪ ᠴᠠᠭᠠᠨᠵᠠᠭᠠᠨ᠎ᠠ ᠠᠪᠤᠨ᠎ᠠ᠂ ᠲᠡᠬᠦᠨ ᠲᠠᠢ ᠲᠠᠭᠠᠷᠠᠯᠳᠤᠪᠠᠯ ᠡᠷᠳᠡᠭᠡᠨ ᠪᠠᠭᠤᠵᠦ ᠦᠭᠬᠦᠭᠡᠳ ᠭᠠᠷᠤᠶ᠎ᠠ︕ ᠡᠰᠡᠬᠦᠯ᠎ᠡ ᠬᠤᠭᠤᠰᠤᠨ ᠨᠡᠷ᠎ᠡ ᠬᠠᠶᠠᠭᠠᠳ ᠭᠠᠷᠤᠭ ᠭᠡᠵᠦ ᠨᠢᠭᠡ ᠲᠡᠭᠡᠷ᠎ᠡ ᠵᠤᠷᠢᠭ ᠮᠤᠬᠤᠨ᠎ᠠ᠂ ᠡᠨᠡ ᠪᠤᠯ ᠭᠡᠰᠢᠭᠳᠡᠨ ᠪᠦᠭᠡ ᠶᠢᠨ ᠲᠤᠷᠤᠶᠢᠳᠠᠯ᠂ ᠭᠡᠰᠢᠭᠳᠡᠨ ᠡᠷ᠎ᠡ ᠶᠢᠨ ᠢᠴᠢᠬᠦᠷᠢ᠂ ᠮᠠᠨ ᠤ ᠮᠤᠩᠭᠤᠯ ᠪᠦᠭᠡ ᠤᠭ ᠢᠵᠠᠭᠤᠷ ᠠᠴᠠ ᠪᠠᠨ ᠠᠪᠤᠭᠠᠳ ᠬᠦᠮᠦᠨ ᠠᠯᠠᠭᠰᠠᠨ ᠲᠡᠦᠭᠡ ᠦᠭᠡᠢ᠂ ᠮᠠᠨ ᠤ ᠦᠶ᠎ᠡ ᠶᠢᠨ ᠬᠢᠨ ᠠᠶᠤᠭᠠᠳ ᠪᠠᠶᠢᠪᠠᠯ ᠂ ᠬᠠᠶᠠᠭᠠᠳ ᠶᠠᠪᠤᠪᠠᠯ ᠮᠤᠩᠭᠤᠯ ᠪᠦᠭᠡ ᠲᠡᠯᠡᠭᠡᠢ ᠳᠤ ᠲᠡᠪᠢᠵᠦ ᠴᠢᠳᠠᠨ᠎ᠠ ᠤᠤ︖ ᠮᠤᠩᠭᠤᠯ ᠡᠷ᠎ᠡ ᠶᠢᠷᠳᠢᠨᠴᠦ ᠳᠤ ᠲᠠᠨᠢᠭᠳᠠᠵᠦ ᠲᠡᠶᠢᠯᠦᠨ᠎ᠡ ᠤᠤ︖ ᠲᠡᠭᠡᠳᠦᠰ ᠠᠴᠠ ᠦᠪᠯᠡᠭᠰᠡᠨ ᠰᠤᠶᠤᠯ ᠪᠠᠶᠢᠨ᠎ᠠ᠂ ᠪᠤᠰᠤᠳ ᠦᠨᠳᠦᠰᠦᠳᠡᠨ ᠠᠴᠠ ᠢᠯᠡᠬᠦᠦ ᠲᠡᠰᠪᠤᠷᠢ ᠪᠠᠶᠢᠨ᠎ᠠ᠂ ᠲᠡᠯᠡᠭᠡᠢ ᠳᠤ ᠲᠡᠪᠢᠬᠦ ᠵᠤᠷᠢᠭ ᠪᠠᠶᠢᠨ᠎ᠠ᠃ ᠲᠡᠭᠡᠬᠦ ᠪᠠᠷ ᠢᠶᠠᠨ ᠠᠷᠪᠠᠨ ᠨᠢᠭᠡᠨ ᠵᠢᠯ ᠤᠨ ᠵᠤᠭᠰᠤᠭ᠎ᠠ ᠠᠪᠤᠷᠭᠤ  ᠪᠦᠭᠡ ᠶᠢᠨ ᠸᠠᠩ — ᠴᠠᠭᠠᠨᠵᠠᠭᠠᠨ᠎ᠠ᠂ ᠬᠢᠳᠠᠳ ᠪᠦᠭᠡ ᠶᠢᠨ ᠸᠠᠩ᠂ ᠮᠤᠩᠭᠤᠯ ᠪᠦᠭᠡ ᠶᠢᠨ ᠪᠠᠳᠦ ᠢᠳᠡᠭᠡᠯᠳᠦ ᠠᠪᠤᠷᠭᠤ — ᠲᠡᠮᠦᠷ᠂ ᠬᠢᠨᠢᠰ ᠤᠨ ᠲᠡᠮᠳᠡᠭᠯᠡᠯ ᠢ ᠡᠬᠦᠳᠦᠭᠰᠡᠨ ᠬᠤᠶᠠᠷ ᠮᠢᠩᠭ᠎ᠠ ᠪᠦᠭᠡᠳ ᠲᠦᠴᠢᠨ ᠨᠠᠢᠮᠠᠨ ᠪᠦᠭᠡ ᠶᠢᠨ ᠠᠪᠤᠷᠭᠤ — ᠮᠢ᠊ · ᠰᠤᠶᠤᠯ ᠲᠡᠳᠡ ᠪᠤᠯ ᠪᠦᠷ ᠮᠤᠩᠭᠤᠯ ᠬᠦᠦ᠂ ᠲᠠᠮᠢᠷᠯᠢᠭ ᠤᠬᠠᠭᠠᠨ ᠲᠠᠢ ᠡᠷ᠎ᠡ ᠬᠦᠮᠦᠨ᠂ ᠨᠡᠶᠢᠭᠡᠮ ᠲᠡᠳᠡᠨ ᠢ ᠪᠠᠳᠤᠯᠠᠨ᠎ᠠ᠂ ᠨᠡᠶᠢᠳᠡ ᠪᠠᠷ ᠢᠶᠠᠨ ᠲᠡᠳᠡᠨ ᠢ ᠪᠢᠰᠢᠷᠡᠨ᠎ᠡ᠃ ᠢᠪᠠᠷᠠᠶᠢᠴᠤᠳ ᠬᠤᠶᠠᠷ ᠮᠢᠩᠭᠠᠨ ᠵᠢᠯ ᠬᠠᠶᠠᠭᠳᠠᠭᠰᠠᠨ ᠡᠭᠡ ᠭᠡᠯᠡ ᠪᠠᠨ ᠰᠡᠷᠬᠦᠭᠡᠭᠡᠳ ᠨᠤᠫᠧᠯ  ᠤᠨ ᠱᠠᠩᠨᠠᠯ  ᠢ ᠠᠪᠴᠦ ᠪᠠᠶᠢᠨ᠎ᠠ᠂ ᠮᠤᠩᠭᠤᠯᠴᠤᠳ ᠪᠢᠳᠡ ᠡᠭᠡ ᠰᠤᠶᠤᠯ ᠢᠶᠠᠨ ᠲᠡᠭᠡᠳᠦᠯᠡᠵᠦ ᠶᠠᠪᠤᠶ᠎ᠠ︕ ᠦᠪᠡᠷ ᠢᠶᠠᠨ ᠪᠢᠳᠡ ᠭᠡᠯᠡ ᠲᠠᠢ ᠬᠦᠮᠦᠰ᠂ ᠦᠷᠦᠭᠡᠯ ᠠᠴᠠ ᠤᠨᠴᠠᠯᠢᠭᠳᠠᠬᠤ ᠰᠤᠶᠤᠯ ᠲᠠᠢ ᠬᠦᠮᠦᠰ᠂ ᠦᠭᠡᠳᠡᠯᠡᠨ ᠰᠡᠷᠬᠦᠬᠦ ᠡᠳᠦᠷ ᠯᠠᠪ ᠢᠷᠡᠬᠦ ᠶᠤᠮ᠃            ᠮᠠᠷᠭᠠᠰᠢ ᠶᠢᠨ ᠤᠯᠧᠮᠫᠢᠺ ᠳᠤ ᠮᠤᠩᠭᠤᠯ ᠪᠦᠭᠡ ᠶᠢᠨ ᠪᠠᠳᠦ ᠢᠳᠡᠭᠡᠯᠳᠦ ᠠᠪᠤᠷᠭᠤ ᠲᠡᠮᠦᠷ᠂ ᠬᠢᠨᠢᠰ ᠤᠨ ᠵᠤᠭᠰᠤᠭ᠎ᠠ ᠠᠪᠤᠷᠭᠤ ᠮᠢ᠊ · ᠰᠤᠶᠤᠯ ᠢ ᠬᠠᠶᠠᠬᠤ ᠬᠦᠮᠦᠨ ᠮᠢᠩᠭ᠎ᠠ ᠲᠦᠮᠡ ᠪᠠᠷ ᠭᠠᠷᠬᠤ ᠶᠢ ᠪᠢᠳᠡ ᠬᠦᠰᠡᠨ᠎ᠡ᠃ ᠡᠨᠡ ᠪᠤᠯ ᠮᠤᠩᠭᠤᠯ ᠪᠦᠭᠡ ᠶᠢᠨ ᠢᠷᠡᠭᠡᠳᠦᠢ᠂ ᠮᠤᠩᠭᠤᠯ ᠪᠦᠭᠡ ᠶᠢᠨ ᠬᠦᠭᠵᠢᠯ᠂ ᠲᠡᠮᠦᠵᠢᠨ ᠪᠤᠭᠳᠠ ᠶᠢᠨ ᠨᠡᠷ᠎ᠡ ᠶᠢ ᠰᠢᠷᠤᠶᠢᠳᠠᠯ ᠦᠭᠡᠢ ᠪᠠᠷ ᠢᠰᠡᠭᠡᠢ ᠲᠤᠭᠤᠷᠭᠠᠳᠠᠨ ᠤ ᠮᠢᠨᠢ ᠰᠤᠶᠤᠯ ᠮᠠᠨᠳᠤᠭ︕ ᠲᠠᠪᠤᠨ ᠲᠢᠪ᠂ ᠲᠦᠷᠪᠡᠨ ᠲᠠᠯᠠᠢ ᠳᠤ ᠬᠠᠩᠬᠢᠨᠠᠭ︕ ᠤᠯᠧᠮᠫᠢᠺ ᠶᠢᠨ ᠲᠡᠮᠡᠭᠡᠴᠡᠭᠡᠨ ᠤ ᠶᠡᠭᠡ ᠢᠯᠠᠯᠳᠠ ᠮᠢᠨᠦ᠋ᠬᠢ ᠶᠤᠮ᠂ ᠮᠤᠩᠭᠤᠯ ᠤᠨ ᠬᠢ ᠶᠤᠮ︕ ᠲᠡᠶᠢᠮᠦ ᠡ᠄ ︽ᠤᠴᠢᠭ ᠲᠠᠰᠤᠷᠠᠬᠤ ᠠᠴᠠ ᠪᠢᠰᠢ ᠤᠳᠤᠮ ᠲᠠᠰᠤᠷᠠᠬᠤ ᠦᠭᠡᠢ ︾ ᠭᠡᠳᠡᠭᠴᠢᠯᠡᠨ ᠭᠠᠭᠴᠠᠬᠦ ᠲᠡᠮᠦᠷ᠂ ᠮᠢ᠊ · ᠰᠤᠶᠤᠯ ᠢ ᠬᠠᠶᠠᠬᠤ ᠪᠠᠷ ᠪᠠᠷᠠᠬᠤ ᠦᠭᠡᠢ ᠲᠡᠯᠡᠭᠡᠢ ᠶᠢᠨ ᠠᠪᠤᠷᠭᠤ ᠶᠢ ᠰᠦᠬᠦᠳᠭᠡᠬᠦ ᠵᠤᠷᠢᠭ ᠮᠠᠨ ᠤ ᠮᠤᠩᠭᠤᠯ ᠳᠤ ᠪᠠᠶᠢᠬᠤ ᠭᠡᠷᠡᠭᠳᠡᠢ᠂ ᠭᠡᠰᠢᠭᠳᠡᠨ ᠲᠦᠮᠡᠨ ᠳᠤ ᠪᠠᠶᠢᠬᠤ ᠤᠴᠢᠷᠳᠠᠢ᠂ ᠭᠡᠰᠢᠭᠳᠡᠨ ᠪᠦᠭᠡ ᠶᠢᠨ ᠢᠷᠡᠭᠡᠳᠦᠢ ᠳᠤ ᠪᠠᠶᠢᠬᠤ ᠶᠤᠰᠤᠳᠠᠢ︕            ᠮᠢᠩᠭᠠᠨ ᠮᠢᠩᠭᠠᠨ ᠲᠡᠦᠭᠡ ᠶᠢᠨ ᠤᠷᠤᠰᠬᠠᠯ ᠢ ᠰᠦᠷᠵᠢᠬᠦᠨ ᠲᠤᠭᠤᠯᠤᠭᠰᠠᠨ ᠮᠤᠩᠭᠤᠯ ᠪᠦᠭᠡ ᠶᠢᠨ ᠤᠭᠰᠠᠭ᠎ᠠ ᠭᠡᠰᠢᠭᠳᠡᠨ ᠪᠦᠭᠡ ᠶᠢᠨ ᠰᠤᠶᠤᠯ ᠦᠨᠦ ᠪᠤᠯᠬᠤ ᠳᠤ ᠭᠡᠳᠦᠶᠢᠪᠡᠷ ᠬᠠᠶᠠᠭᠳᠠᠭᠰᠠᠨ ᠪᠤᠯᠪᠠᠴᠦ ᠡᠯᠢᠭᠡᠨ ᠲᠠᠮᠢᠷ ᠡᠷᠴᠢ ᠵᠤᠷᠢᠭ ᠨᠢ ᠭᠡᠵᠢᠶᠡᠳᠡ ᠪᠤᠰᠤᠭ᠎ᠠ ᠪᠠᠷ ᠢᠶᠠᠨ ᠬᠢᠯᠠᠯᠵᠠᠳᠠᠭ ᠪᠤᠯᠬᠤᠷ ᠠᠯᠢ ᠨᠢᠭᠡ ᠡᠳᠦᠷ ᠲᠡᠯᠡᠭᠡᠢ ᠶᠢᠨ ᠲᠡᠪᠴᠠᠩ ᠶᠢ ᠲᠤᠷᠬᠢᠭᠤᠯᠬᠤ ᠶᠤᠮ᠃            ᠭᠡᠰᠢᠭᠳᠡᠨ ᠪᠦᠭᠡ ᠶᠢᠨ ᠦᠷ ᠬᠠᠶᠠᠭᠠᠷᠠᠬᠤ ᠪᠤᠯᠳᠤᠭᠠᠢ︕ 
 
ᠢᠷᠡᠯᠲᠡ᠄ www.kqmw.gov.cn
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号