ᠪᠦᠷᠳᠡ ᠬᠠᠳᠤᠨ ᠳᠤ ᠵᠠᠬᠢᠭᠰᠠᠨ ᠲᠠᠢ | ᠰᠡᠴᠡᠨ ᠤ ᠰᠤᠷᠭᠠᠯ ᠢ ᠰᠢᠨᠵᠢᠬᠦ ᠨᠢ | | 【 ᠲᠦᠯᠬᠢᠬᠦᠷ ᠦᠬᠡ 】᠄ ᠢᠨᠵᠠᠨᠨᠠᠰᠢ ︽ᠬᠦᠬᠡ ᠰᠤᠳᠤᠷ︾ ᠠᠬᠤᠶᠢᠴᠢ ᠠᠴᠢ | ᠬᠤᠯᠪᠤᠭᠳᠠᠯ | 【 ᠠᠭᠤᠯᠭ᠎ᠠ ᠶᠢᠨ ᠳᠤᠪᠴᠢ 】᠄ ᠢᠨᠵᠠᠨᠨᠠᠰᠢ ᠶᠢᠨ ︽ᠬᠦᠬᠡ ᠰᠤᠳᠤᠷ︾ ᠲᠤ | ᠪᠢᠴᠢᠭᠳᠡᠭᠰᠡᠨ ᠬᠤᠩᠬᠢᠷᠠᠳ ᠤᠨ ᠲᠠᠢ ᠰᠡᠴᠡᠨ ᠦᠬᠢᠨ ᠪᠦᠷᠳᠡ ᠳᠡᠭᠡᠨ ᠵᠠᠬᠢᠭᠰᠠᠨ ᠵᠠᠬᠢᠶ᠎ᠠ ᠶᠢ ᠰᠢᠨᠵᠢᠬᠦ ᠪᠠᠷ ᠳᠠᠮᠵᠢᠨ | ᠡᠷᠳᠡᠨ ᠤ ᠮᠤᠩᠭᠤᠯᠴᠤᠳ ᠪᠡᠷᠢᠶᠡᠳ ᠢᠶᠠᠨ ᠬᠡᠷᠬᠢᠨ ᠱᠠᠭᠠᠷᠳᠠᠵᠤ ᠪᠠᠶᠢᠭᠰᠠᠨ ᠳᠤᠬᠠᠢ ᠳᠦᠬᠦᠮ ᠦᠬᠦᠯᠡᠵᠤ᠂ | ᠳᠡᠳᠡᠬᠡᠷ ᠱᠠᠭᠠᠷᠳᠠᠯᠭ᠎ᠠ ᠦᠨᠦ ᠦᠶ᠎ᠡ ᠳᠤ ᠶᠠᠮᠠᠷ ᠠᠬᠤᠶᠢᠴᠢ ᠠᠴᠢ ᠬᠤᠯᠪᠤᠭᠳᠠᠯ ᠲᠠᠢ ᠶᠢ ᠳᠤᠳᠤᠷᠬᠠᠶᠢᠯᠠᠬᠤ ᠪᠠᠷ | ᠤᠷᠤᠯᠳᠤᠪᠠ᠃ | ︽ᠶᠡᠭᠡ ᠶᠤᠸᠠᠨ ᠤᠯᠤᠰ ᠤᠨ ᠮᠠᠨᠳᠤᠭᠰᠠᠨ ᠳᠦᠷᠦ ᠶᠢᠨ ᠬᠦᠬᠡ ᠰᠤᠳᠤᠷ︾ ᠬᠡᠮᠡᠬᠦ | ᠳᠡᠤᠬᠡᠨ ᠷᠤᠮᠠᠨ ᠪᠤᠯ ᠸᠠᠩᠴᠢᠨᠪᠠᠯᠠ ᠶᠢᠨ ᠢᠨᠵᠠᠨᠨᠠᠰᠢ ᠶᠢᠨ ᠳᠦᠯᠦᠬᠡᠯᠡᠬᠦ ᠪᠦᠳᠦᠬᠡᠯ ᠳᠡᠳᠦᠢ ᠪᠢᠰᠢ ᠴᠢᠩᠬᠢᠰ | ᠦᠬᠡᠳᠠᠢ ᠨᠠᠷ ᠤᠨ ᠪᠠᠭᠠᠳᠤᠷᠯᠢᠭ ᠦᠢᠯᠡ ᠪᠠᠷ ᠰᠡᠳᠦᠪᠯᠡᠭᠰᠡᠨ ᠮᠠᠨ ᠤ ᠦᠨᠳᠦᠰᠦᠳᠡᠨ ᠤ ᠳᠤᠮᠤᠬᠠᠨ ᠳᠡᠤᠬᠡᠨ ᠷᠤᠮᠠᠨ | ᠮᠦᠨ᠃ ᠤᠤᠯ ᠷᠤᠮᠠᠨ ᠨᠢ 1830 — — 1891 ᠤᠨ ᠤ ᠬᠤᠭᠤᠷᠠᠨᠳᠤ ᠪᠢᠴᠢᠭᠳᠡᠭᠰᠡᠨ ᠪᠠ ᠡᠬᠢᠨ ᠤ | ᠨᠠᠢᠮᠠᠨ ᠪᠦᠯᠦᠭ ᠢ ᠡᠴᠢᠬᠡ ᠸᠠᠩᠴᠢᠩᠪᠠᠯᠠ ᠨᠢ ᠪᠢᠴᠢᠭᠰᠡᠨ ᠪᠠᠶᠢᠨ᠎ᠠ᠃ ᠤᠳᠤ ᠤᠯᠳᠠᠭᠠᠳ ᠪᠠᠶᠢᠬᠤ ᠠᠴᠠ ᠡᠨᠡ | ᠨᠠᠢᠮᠠᠨ ᠪᠦᠯᠦᠭ ᠵᠢᠴᠢ ᠢᠨᠵᠠᠨᠨᠠᠰᠢ ᠶᠢᠨ ᠵᠠᠯᠭᠠᠨ ᠳᠤᠭᠤᠷᠪᠢᠭᠰᠠᠨ ᠵᠢᠷᠠᠨ ᠨᠢᠬᠡᠨ ᠪᠦᠯᠦᠭ ᠳᠡᠳᠦᠢ᠃ ᠤᠭ ᠷᠤᠮᠠᠨ | ᠨᠢ ᠵᠠᠭᠤ ᠬᠤᠷᠢᠨ ᠪᠦᠯᠦᠭ ᠪᠠᠶᠢᠬᠤ ᠤᠴᠢᠷ ᠲᠠᠢ ᠬᠡᠬᠦ ᠮᠡᠳᠡᠭᠡ ᠪᠠᠶᠢᠬᠤ ᠪᠠ ᠵᠤᠬᠢᠶᠠᠭᠴᠢ ᠢᠨᠵᠠᠨᠨᠠᠰᠢ ᠤᠭ ᠷᠤᠮᠠᠨ | ᠢᠶᠠᠨ ᠶᠤᠸᠠᠨ ᠬᠦᠷᠦᠨ ᠤ ᠰᠡᠬᠦᠯᠴᠢ ᠬᠦᠷᠳᠡᠯ᠎ᠡ ᠪᠢᠴᠢᠬᠦ ᠳᠦᠯᠦᠪᠯᠡᠭᠡ ᠲᠠᠢ ᠪᠠᠶᠢᠭᠰᠠᠨ ᠪᠤᠯᠪᠠᠴᠤ ᠪᠦᠷᠢᠨ ᠪᠢᠴᠢᠭᠰᠡᠨ | ᠡᠰᠡᠬᠦ ᠨᠢ ᠳᠤᠳᠤᠷᠬᠠᠢ ᠦᠬᠡᠢ᠃ ① ᠴᠠᠭ ᠳᠦᠷᠦ ᠶᠢᠨ ᠦᠢᠮᠡᠬᠡᠨ ᠳᠡᠪᠵᠢᠶᠡᠨ᠂ ᠮᠤᠩᠬᠠᠭ ᠬᠠᠷᠠᠩᠭᠤᠢ ᠳᠤ | ᠡᠳᠡᠬᠡᠷ ᠬᠤᠪᠤᠷ ᠨᠠᠨᠳᠢᠨ ᠪᠠᠷᠢᠮᠳᠠ ᠤᠷᠤ ᠦᠬᠡᠢ ᠰᠦᠢᠳᠬᠡᠭᠳᠡᠭᠰᠡᠨ ᠪᠠᠶᠢᠵᠤ ᠪᠤᠯᠬᠤ ᠶᠤᠮ᠃ ᠵᠤᠬᠢᠶᠠᠭᠴᠢ ᠶᠢᠨ | ᠠᠮᠢᠳᠤᠷᠴᠤ ᠪᠦᠬᠦᠢ ᠴᠠᠭ ᠦᠶ᠎ᠡ ᠳᠤ ᠡᠬᠦᠰᠦᠭᠰᠡᠨ ᠤᠯᠠᠭᠠᠨ ᠠᠯᠴᠢᠭᠤᠷᠳᠠᠨ ᠪᠤᠶᠤ ᠶᠢᠨ ᠳ᠋ᠠᠨ ᠳ᠋ᠤᠤ ᠶᠢᠨ | ᠰᠦᠷᠬᠡᠬᠦᠦ ᠱᠠᠰᠢᠨ ᠤ ᠰᠠᠮᠠᠭᠤᠷᠠᠯ ᠶᠢᠨ ᠦᠶ᠎ᠡ ᠳᠤ ᠪᠤᠰᠤᠭᠴᠢᠳ ᠸᠠᠩᠴᠢᠨᠪᠠᠯᠠ ᠨᠤᠶᠠᠨ ᠤ ᠨᠤᠮ ᠤᠨ ᠠᠰᠠᠷ ᠢ | ᠭᠠᠯᠳᠠᠭᠰᠠᠨ ᠬᠡᠬᠦ ᠬᠠᠷᠠᠰᠠᠯᠳᠤ ᠮᠡᠳᠡᠭᠡ ᠪᠠᠶᠢᠳᠠᠭ᠃ ᠡᠳᠡᠬᠡᠷ ᠨᠢ ᠮᠤᠩᠭᠤᠯ ᠤᠷᠠᠨ ᠵᠤᠬᠢᠶᠠᠯ ᠳᠡᠳᠦᠢ ᠦᠬᠡᠢ | ᠪᠦᠬᠦᠶᠢᠯᠡ ᠮᠤᠩᠭᠤᠯ ᠰᠤᠳᠤᠯᠤᠯ ᠤᠨ ᠴᠠᠷ ᠬᠦᠷᠢᠶ᠎ᠡ ᠳᠤ ᠨᠦᠬᠦᠪᠦᠷᠢᠯᠡᠵᠤ ᠪᠤᠯᠤᠰᠢ ᠦᠬᠡᠢ ᠬᠤᠬᠢᠷᠤᠯ ᠢ | ᠤᠴᠠᠷᠠᠭᠤᠯᠤᠭᠰᠠᠨ ᠨᠢ ᠮᠡᠳᠡᠬᠡᠵᠢ᠃ | ᠬᠠᠷᠢᠨ ᠳᠠᠶᠢᠵᠢ ᠢᠨᠵᠠᠨᠨᠠᠰᠢ ᠮᠤᠩᠭᠤᠯ ᠤᠨ ᠸᠠᠩ ᠬᠦᠩ ᠳᠡᠬᠡᠳᠦ ᠳᠠᠪᠬᠤᠷᠭᠠᠳᠠᠳ | ᠦᠩᠬᠡ ᠮᠦᠩᠬᠦᠨ ᠳᠤ ᠠᠪᠳᠠᠵᠤ ᠬᠠᠷᠠᠴᠤ ᠠᠷᠠᠳ ᠮᠤᠩᠬᠠᠭ ᠪᠢᠰᠢᠷᠠᠯ ᠳᠤ ᠪᠠᠯᠠᠶᠢᠷᠠᠵᠤ᠂ ᠤᠭ ᠦᠨᠳᠦᠰᠦ ᠪᠠᠨ | ᠮᠠᠷᠳᠠᠨ ︽ᠡᠶᠢᠮᠦ ᠬᠡᠯᠦ ᠳᠡᠶᠢᠮᠦ ᠬᠡᠯᠦ︾ ᠬᠡᠮᠡᠵᠤ ᠪᠠᠶᠢᠭᠰᠠᠨ ᠪᠠᠯᠠᠷ ᠬᠠᠷᠠᠩᠭᠤᠢ ᠤᠷᠤᠭᠤᠳᠠᠯ ᠳᠤᠷᠤᠶᠢᠳᠠᠯ ᠤᠨ | ᠴᠠᠭ ᠦᠶ᠎ᠡ ᠳᠤ ᠡᠷᠳᠡᠨ ᠤ ᠮᠤᠩᠭᠤᠯ ᠤᠨ ᠢᠯᠭᠤᠭᠰᠠᠨ ᠳᠡᠤᠬᠡ ᠶᠢ ᠦᠨᠳᠦᠰᠦᠯᠡᠵᠤ ᠴᠢᠩᠬᠢᠰ ᠦᠬᠡᠳᠠᠢ ᠪᠠ ᠳᠡᠬᠦᠨ | ᠤ ᠪᠠᠭᠠᠳᠤᠷ ᠤᠳ ᠢᠶᠠᠷ ᠭᠤᠤᠯ ᠰᠡᠳᠦᠪᠯᠡᠬᠦᠨ ᠪᠤᠯᠭᠠᠨ ᠪᠢᠴᠢᠭᠰᠡᠨ ᠳᠡᠤᠬᠡᠨ ᠷᠤᠮᠠᠨ ︽ᠶᠡᠭᠡ ᠶᠤᠸᠠᠨ ᠤᠯᠤᠰ ᠤᠨ | ᠮᠠᠨᠳᠤᠭᠰᠠᠨ ᠳᠦᠷᠦ ᠶᠢᠨ ᠬᠦᠬᠡ ᠰᠤᠳᠤᠷ︾ ︵ᠳᠤᠷᠤᠭᠰᠢ ﹇ᠬᠦᠬᠡ ᠰᠤᠳᠤᠷ﹈ ᠬᠡᠵᠤ ᠳᠤᠪᠴᠢᠯᠠᠨ᠎ᠠ︶ ᠢ ᠮᠠᠰᠢ | ᠬᠠᠳᠠᠭᠤᠵᠢᠯᠳᠠᠢ ᠳᠤᠭᠤᠷᠪᠢᠵᠤ ︵ᠤᠴᠢᠷ ᠶᠠᠭᠤ ᠬᠡᠪᠡᠯ ᠡᠨᠡ ᠷᠤᠮᠠᠨ ᠢ ᠵᠤᠬᠢᠶᠠᠭᠴᠢ ﹇ᠭᠤᠴᠢᠨ ᠨᠠᠰᠤᠨ ᠠᠴᠠ | ᠡᠬᠢᠯᠡᠵᠤ ᠠᠮᠢᠳᠤᠷᠠᠯ ᠪᠠᠭᠤᠷᠠᠵᠤ ᠡᠮ᠎ᠡ ᠦᠷ᠎ᠡ ᠦᠬᠦᠵᠤ ᠠᠯᠢᠪᠠ ᠵᠦᠢᠯ ᠴᠦᠮ ᠦᠬᠡᠳᠡ ᠦᠬᠡᠢ ᠪᠤᠯᠤᠭᠰᠠᠨ | ᠪᠠᠶᠢᠳᠠᠯ﹈ ② ᠳᠤᠤᠷ᠎ᠠ ᠪᠢᠴᠢᠭᠰᠡᠨ ᠪᠠᠶᠢᠨ᠎ᠠ︶ ᠦᠨᠳᠦᠰᠦᠳᠡᠨ ᠤ ᠴᠤᠭ ᠰᠦᠯᠳᠡ ᠶᠢ ᠳᠠᠭᠤᠳᠠᠨ ᠰᠡᠷᠢᠬᠡᠵᠤ ︽ | ᠪᠦᠬᠦᠳᠡᠬᠡᠷ ᠬᠡᠬᠡᠨ ᠳᠤᠩᠭᠠᠯᠠᠭ ᠪᠤᠯᠬᠤ︾ ᠶᠢ ᠰᠠᠨᠠᠭᠠᠴᠢᠯᠠᠵᠤ ᠪᠠᠶᠢᠭᠰᠠᠨ ᠤ ᠤᠴᠢᠷ᠂ ᠡᠨᠡ ᠶᠡᠭᠡ ᠬᠦᠮᠦᠨ ᠤ ᠤᠷᠠᠨ | ᠪᠦᠳᠦᠬᠡᠯ ᠠᠴᠠ ᠠᠬᠤᠶᠢᠴᠢ ᠦᠵᠡᠯ ᠤᠨ ᠵᠤᠷᠢᠭ ᠰᠠᠨᠠᠭ᠎ᠠ ᠳᠡᠷᠡ ᠦᠶ᠎ᠡ ᠳᠡᠳᠦᠢ ᠦᠬᠡᠢ ᠦᠨᠦᠳᠦᠷ ᠴᠤ ᠬᠡᠷᠡᠯ ᠢᠶᠠᠨ | ᠰᠠᠴᠤᠷᠠᠭᠤᠯᠤᠭᠰᠠᠭᠠᠷ ᠪᠠᠶᠢᠬᠤ ᠶᠢ ᠦᠬᠡᠶᠢᠰᠬᠡᠵᠤ ᠦᠯᠦ ᠴᠢᠳᠠᠨᠠᠮ᠃ | ᠨᠡᠶᠢᠬᠡᠮ ᠤᠨ ᠬᠠᠷᠬᠢᠰ ᠬᠠᠷᠠᠩᠭᠤᠢ ᠪᠠᠯᠠᠢ ᠮᠤᠩᠬᠠᠭ ᠢ ᠦᠵᠡᠨ ᠶᠠᠳᠠᠳᠠᠭ ᠵᠤᠬᠢᠶᠠᠭᠴᠢ | ᠢᠨᠵᠠᠨᠨᠠᠰᠢ ᠹᠸᠤᠳᠠᠯ ᠤᠨ ᠤᠷᠤᠭ ᠤᠨ ᠶᠤᠰᠤᠨ ᠳᠤ ᠬᠦᠨ ᠬᠤᠷᠤᠰᠴᠤ ᠴᠢᠯᠦᠬᠡᠳᠦ ᠢᠨᠠᠭ ᠳᠤᠷᠠᠯᠠᠯ ᠢ | ᠬᠦᠬᠡᠬᠡᠴᠡᠯᠳᠦᠵᠤ ᠡᠮᠡᠭᠳᠠᠶᠢᠴᠤᠳ ᠤᠨ ᠭᠤᠨᠢᠭᠳᠤ ᠤᠴᠠᠷᠠᠯ᠂ ᠭᠠᠰᠢᠭᠤᠨ ᠬᠤᠪᠢ ᠵᠠᠶᠠᠭ᠎ᠠ ᠳᠤ ᠰᠠᠨᠠᠭ᠎ᠠ ᠳᠠᠯᠪᠢᠵᠤ | ᠪᠠᠶᠢᠭᠰᠠᠨ ᠢ ᠳᠡᠷᠡ ᠡᠷᠬᠢᠮ ᠬᠦᠮᠦᠨ ᠤ ︽ᠤᠯᠠᠭᠠᠨ᠎ᠠ ᠤᠬᠢᠯᠠᠬᠤ ᠳᠠᠩᠬᠢᠮ︾᠂ ︽ᠨᠢᠬᠡᠨ ᠳᠠᠪᠬᠤᠷ ᠠᠰᠠᠷ︾ ᠠᠴᠠ | ᠬᠠᠷᠠᠵᠤ ᠪᠤᠯᠤᠨ᠎ᠠ᠃ ᠨᠡᠩ ᠤᠨᠴᠠᠯᠠᠨ ᠳᠤᠷᠠᠳᠬᠤ ᠨᠢ ᠸ᠊᠂ ᠢᠨᠵᠠᠨᠠᠰᠢ ᠶᠢᠨ ︽ᠬᠦᠬᠡ ᠰᠤᠳᠤᠷ︾ ᠲᠤ ᠦᠬᠡᠯᠦᠨ᠂ | ᠪᠦᠷᠳᠡ ᠵᠢᠴᠢ ᠬᠤᠩᠭᠤᠷᠵᠤᠯᠠ᠂ ᠰᠤᠯᠤᠩᠭᠤᠸ᠎ᠠ ᠮᠡᠳᠦ ᠶᠢᠨ ᠦᠢ ᠤᠯᠠᠨ ᠡᠮᠡᠭᠳᠠᠶᠢᠴᠤᠳ ᠤᠨ ᠳᠦᠷᠢ ᠶᠢ | ᠤᠷᠠᠯᠠᠨ ᠪᠦᠳᠦᠬᠡᠭᠰᠡᠨ ᠪᠠᠶᠢᠨ᠎ᠠ᠃ ᠳᠡᠬᠡᠬᠦ ᠳᠤ ᠵᠤᠬᠢᠶᠠᠭᠴᠢ ᠠᠴᠠ ᠡᠨᠡ ᠤᠯᠠᠨ ᠰᠠᠷᠠᠨ ᠭᠤᠸ᠎ᠠ ᠮᠤᠩᠭᠤᠯ | ᠪᠦᠰᠡᠬᠦᠶᠢᠴᠤᠳ ᠢ ᠪᠤᠢ ᠪᠤᠯᠭᠠᠭᠰᠠᠨ ᠴᠢᠬᠤᠯᠠ ᠡᠯᠧᠮᠨ᠋ᠲ ᠶᠢ ᠴᠤ ︽ᠬᠦᠬᠡ ᠰᠤᠳᠤᠷ︾ ᠳᠠᠭᠠᠨ ᠤᠷᠬᠢᠭᠳᠠᠭᠤᠯᠤᠭᠠ | ᠦᠬᠡᠢ ᠪᠢᠯᠡ᠃ ᠳᠡᠬᠦᠨ ᠤ ᠨᠢᠬᠡᠨ ᠵᠢᠱᠢᠶ᠎ᠡ ᠨᠢ ᠬᠠᠳᠤᠨ ᠪᠦᠷᠳᠡ ᠶᠢ ᠳᠠᠶᠢᠽᠤ ᠳᠡᠮᠦᠵᠢᠨ ᠳᠤ ᠪᠠᠭᠤᠯᠭᠠᠵᠤ ᠦᠭᠬᠦ | ᠳᠤ ᠡᠴᠢᠬᠡ ᠲᠠᠢ ᠰᠡᠴᠡᠨ ᠨᠢ ᠠᠮᠢᠨᠴᠢᠯᠠᠨ ᠵᠠᠬᠢᠭᠰᠠᠨ ᠶᠢᠰᠦᠨ ᠵᠠᠬᠢᠶ᠎ᠠ ᠶᠢ ᠨᠠᠷᠢᠯᠢᠭ ᠳᠡᠮᠳᠡᠭᠯᠡᠭᠰᠡᠨ ᠤᠴᠢᠷ ᠮᠦᠨ᠃ | ᠨᠢᠬᠡ᠂ ᠲᠠᠢ ᠰᠡᠴᠡᠨ ᠤ ᠵᠠᠬᠢᠭᠰᠠᠨ ᠵᠠᠬᠢᠶ᠎ᠠ ᠪᠠ ᠳᠡᠬᠦᠨ ᠤ ᠤᠴᠢᠷ ᠵᠦᠢ | ︽ᠬᠦᠬᠡ ᠰᠤᠳᠤᠷ︾ ᠤᠨ ᠳᠡᠳ᠋ ᠪᠦᠯᠦᠭ᠂ ︽ᠳᠠᠪᠤᠨ ᠬᠤᠯᠠᠭᠠᠢ ᠰᠦᠷᠦᠭ ᠳᠤᠷ | ᠬᠦᠯᠦᠭ ᠪᠤᠭᠤᠷᠵᠢ ᠪᠠᠭᠠᠳᠤᠷ ᠢ ᠢᠯᠢᠳᠬᠡᠪᠡᠢ | ᠤᠯᠠᠨ ᠮᠡᠷᠬᠡᠳ ᠤᠨ ᠬᠤᠷᠠᠯ ᠳᠤᠷ ᠤᠶᠤᠳᠤ ᠰᠡᠴᠡᠨ ᠠᠷᠠᠬᠢ ᠶᠢ ᠰᠢᠬᠦᠮᠵᠢᠯᠡᠪᠡᠢ︾ ᠬᠡᠬᠦ | ᠪᠦᠯᠦᠭ ᠳᠤ ᠳᠠᠶᠢᠽᠤ ᠪᠤᠭᠳᠠ ᠴᠢᠩᠬᠢᠰ ᠬᠠᠭᠠᠨ ᠰᠦᠢ ᠳᠤᠭᠳᠠᠭᠰᠠᠨ ᠪᠦᠷᠳᠡ ᠶᠢ ᠬᠠᠳᠤᠨ ᠪᠤᠯᠭᠠᠨ ᠪᠠᠭᠤᠯᠭᠠᠨ | ᠠᠪᠳᠠᠭ᠃ ᠪᠦᠷᠳᠡ ᠶᠢ ᠳᠦᠷᠦᠭᠰᠡᠨ ᠬᠡᠷ ᠠᠴᠠ ᠪᠠᠨ ᠬᠠᠷᠢ ᠳᠤ ᠤᠴᠢᠬᠤ ᠳᠤ ᠡᠴᠢᠬᠡ ᠲᠠᠢ ᠰᠡᠴᠡᠨ ᠨᠢ ᠶᠢᠰᠦᠨ | ᠵᠠᠬᠢᠶ᠎ᠠ ᠶᠢ ᠠᠮᠢᠨᠴᠢᠯᠠᠨ ᠵᠠᠬᠢᠵᠠᠢ᠃ ᠳᠡᠬᠦᠨ ᠢ ᠰᠡᠶᠢᠷᠡᠬᠦᠯᠪᠠᠯ᠄ | ︽ᠳᠡᠷᠢᠬᠦᠨ ᠲᠤᠷ᠂ ᠤᠶᠤᠵᠤ ᠳᠤᠪᠬᠢᠬᠤ ᠶᠢ ᠬᠢᠴᠢᠶᠡ | ᠬᠤᠶᠠᠳᠤᠭᠠᠷ ᠲᠤᠷ᠂ ᠢᠳᠡᠬᠡᠨ ᠤᠮᠳᠠᠭᠠᠨ ᠢ ᠴᠡᠪᠡᠷᠯᠡ | ᠭᠤᠳᠠᠭᠠᠷ ᠲᠤᠷ᠂ ᠪᠤᠳᠤᠬᠤ ᠤᠬᠠᠬᠤ ᠶᠢ ᠬᠢᠨ᠎ᠠ | ᠳᠦᠳᠦᠬᠡᠷ ᠲᠤᠷ᠂ ᠵᠢᠷᠦᠬᠡ ᠪᠠᠭ᠎ᠠ ᠦᠬᠡ ᠴᠦᠬᠡᠬᠡᠨ ᠪᠤᠯ | ᠳᠠᠪᠤᠳᠤᠭᠠᠷ ᠲᠤᠷ᠂ ᠪᠡᠶ᠎ᠡ ᠪᠠᠨ ᠰᠠᠬᠢᠨ ᠵᠤᠷᠢᠭ ᠪᠠᠳᠤ ᠪᠤᠯ | ᠵᠢᠷᠭᠤᠳᠤᠭᠠᠷ ᠲᠤᠷ᠂ ᠳᠠᠭᠤᠯᠠᠵᠤ ᠬᠢᠩᠰᠢᠬᠦ ᠶᠢ ᠪᠤᠤ ᠰᠤᠷ | ᠳᠤᠯᠤᠳᠤᠭᠠᠷ ᠲᠤᠷ᠂ ᠬᠠᠷᠠᠮ ᠬᠠᠷᠬᠢᠰ ᠢ ᠳᠡᠪᠴᠢᠳᠦᠬᠡᠢ | ᠨᠠᠢᠮᠠᠳᠤᠭᠠᠷ ᠲᠤᠷ᠂ ᠬᠠᠳᠠᠮ ᠬᠠᠷᠢ ᠪᠠᠨ ᠬᠦᠨᠳᠦᠯᠡ | ᠶᠢᠰᠦᠳᠦᠬᠡᠷ ᠲᠤᠷ᠂ ᠠᠯᠵᠠᠭᠤ ᠵᠠᠯᠬᠠᠭᠤ ᠶᠢ ᠳᠡᠪᠴᠢᠳᠦᠬᠡᠢ︾ ③ | ᠳᠡᠬᠡᠷᠡᠬᠢ ᠵᠠᠬᠢᠶ᠎ᠠ ᠬᠡᠳᠦᠢ ᠴᠢᠬᠤᠯᠠ ᠪᠤᠯᠬᠤ ᠶᠢ ᠲᠠᠢ ᠰᠠᠴᠡᠨ ︽ᠡᠨᠡ ᠶᠢᠰᠦᠨ ᠵᠦᠢᠯ | ᠠᠴᠠ ᠨᠢᠬᠡᠨ ᠢ ᠤᠰᠤᠯᠳᠠᠪᠠᠰᠤ ᠶᠢᠰᠦᠨ ᠤᠯᠤᠰ ᠤᠨ ᠬᠡᠯᠡ ᠶᠢ ᠰᠤᠷᠴᠤ ᠪᠢᠴᠢᠭ ᠢ ᠬᠢᠴᠢᠶᠡᠭᠰᠡᠨ ᠲᠠᠢ ᠰᠡᠴᠡᠨ | ᠴᠤᠯᠠᠳᠤ ᠮᠢᠨᠤ ᠬᠡᠤᠬᠡᠨ ᠪᠤᠰᠤ ᠪᠤᠯᠤᠮᠤᠢ︾ ④ ᠬᠡᠵᠤ ᠮᠠᠰᠢ ᠬᠠᠳᠠᠭᠤ ᠴᠢᠩᠳᠠᠯᠠᠨ ᠰᠤᠷᠭᠠᠭᠰᠠᠨ ᠢ ᠵᠤᠬᠢᠶᠠᠭᠴᠢ | ᠠᠴᠠ ᠬᠡᠬᠡᠯ ᠦᠬᠡᠢ ᠳᠡᠮᠳᠡᠭᠯᠡᠭᠰᠡᠨ ᠢ ᠦᠵᠡᠪᠡᠰᠦ ᠵᠤᠬᠢᠶᠠᠭᠴᠢ ᠪᠦᠷᠳᠡ ᠦᠵᠡᠨ ᠤ ᠡᠵᠡᠨ ᠴᠢᠩᠬᠢᠰ ᠤᠨ ᠳᠤᠯᠭᠤᠷ | ᠳᠦᠷᠦ ᠪᠠᠶᠢᠭᠤᠯᠠᠵᠤ ᠵᠠᠰᠠᠬᠤ ᠳᠤ ᠯᠤᠳᠤ ᠭᠠᠪᠢᠶ᠎ᠠ ᠦᠵᠡᠬᠦᠯᠦᠨ ᠰᠤᠤᠳᠤ ᠬᠠᠳᠤᠨ ᠪᠤᠯᠤᠭᠰᠠᠨ ᠰᠢᠯᠳᠠᠭᠠᠨ ᠢ ᠡᠨᠡᠬᠦ | ᠰᠤᠷᠭᠠᠯ ᠲᠠᠢ ᠴᠢᠩᠭ᠎ᠠ ᠬᠤᠯᠪᠤᠭ᠎ᠠ ᠲᠠᠢ ᠬᠡᠵᠤ ᠦᠵᠡᠵᠤ ᠪᠠᠶᠢᠬᠤ ᠶᠢ ᠮᠡᠳᠡᠵᠤ ᠪᠤᠯᠤᠨ᠎ᠠ᠃ | ᠳᠡᠬᠡᠷᠡᠬᠢ ᠰᠤᠷᠭᠠᠯ ᠢ ᠪᠢᠳᠡ ᠵᠤᠷᠪᠤᠰ ᠳᠠᠷᠠᠭᠠᠯᠠᠨ ᠵᠠᠳᠤᠯᠠᠵᠤ ᠦᠵᠡᠶ᠎ᠡ᠂ ᠳᠡᠬᠡᠬᠡᠳ | ᠮᠤᠩᠭᠤᠯ ᠤᠨ ᠢᠯᠭᠤᠯᠤᠭᠰᠠᠨ ᠦᠶ᠎ᠡ ᠳᠤ ᠮᠤᠩᠭᠤᠯᠴᠤᠳ ᠦᠬᠢᠳ ᠢ ᠶᠠᠭᠠᠬᠢᠵᠤ ᠰᠤᠷᠭᠠᠵᠤ ᠪᠠᠶᠢᠭᠰᠠᠨ᠂ ᠪᠡᠷᠢ | ᠪᠤᠯᠬᠤ ᠬᠦᠮᠦᠨ ᠢ ᠬᠡᠷᠬᠢᠨ ᠱᠠᠭᠠᠷᠳᠠᠵᠤ ᠪᠠᠶᠢᠭᠰᠠᠨ ᠢ ᠬᠠᠷᠠᠶ᠎ᠠ᠃ | ᠨᠢᠬᠡᠳᠦᠬᠡᠷ ᠵᠤᠷᠪᠤᠰ ᠲᠤ᠂ ᠤᠶᠤᠵᠤ ᠳᠤᠪᠬᠢᠬᠤ ᠶᠢ ᠬᠢᠴᠢᠶᠡ ᠬᠡᠵᠡᠢ᠃ ᠶᠠᠭᠠᠬᠢᠭᠠᠳ | ᠬᠠᠨ ᠤ ᠬᠠᠳᠤᠨ ᠪᠤᠯᠬᠤ ᠳᠤᠮᠤ ᠬᠦᠮᠦᠨ ᠢ ᠤᠶᠤᠵᠤ ᠳᠤᠪᠬᠢᠬᠤ ᠶᠢ ᠬᠢᠴᠢᠶᠡ ᠬᠡᠵᠤ ᠳᠡᠷᠡ ᠳᠤᠰᠤᠮ ᠢᠶᠠᠨ | ᠳᠡᠷᠢᠬᠦᠨ ᠵᠤᠷᠪᠤᠰ ᠪᠤᠯᠭᠠᠨ ᠦᠬᠦᠯᠡᠭᠰᠡᠨ ᠪᠤᠢ ᠬᠡᠬᠦ ᠠᠰᠠᠭᠤᠳᠠᠯ ᠶᠠᠭᠤᠨ ᠳᠡᠷᠢᠬᠦᠨ ᠳᠤ ᠳᠠᠯᠪᠢᠭᠳᠠᠬᠤ ᠪᠤᠯᠤᠨ᠎ᠠ᠃ | ᠴᠢᠩ ᠦᠨᠡᠨ ᠢ ᠬᠡᠯᠡᠬᠦ ᠳᠤ ᠬᠢᠶᠠᠨ ᠠᠶᠢᠮᠠᠭ ᠤᠨ ᠬᠠᠨ ᠤ ᠬᠠᠳᠤᠨ ᠦᠪᠡᠷ ᠲᠤ ᠪᠠᠨ ᠤᠶᠤᠬᠤ ᠴᠢᠬᠤᠯᠠ ᠦᠬᠡᠢ᠃ | ᠬᠡᠳᠡᠯ᠎ᠡ ᠤᠶᠤᠵᠤ ᠳᠤᠪᠬᠢᠬᠤ ᠨᠢ ᠡᠮᠡᠭᠳᠠᠢ ᠬᠦᠮᠦᠨ ᠤ ᠡᠩ ᠤᠨ ᠤᠷ᠎ᠠ ᠬᠡᠵᠤ ᠦᠵᠡᠳᠡᠭ ᠮᠤᠩᠭᠤᠯᠴᠤᠳ ᠦᠬᠢᠨ | ᠬᠦᠮᠦᠨ ᠢ ᠬᠠᠷᠠᠴᠤ᠂ ᠬᠠᠳᠤᠨ ᠬᠡᠵᠤ ᠢᠯᠭᠠᠯ ᠦᠬᠡᠢ ᠠᠯᠢ ᠨᠢ ᠴᠤ ᠪᠤᠯᠤᠭᠰᠠᠨ ᠪᠦᠷᠢᠳᠡᠬᠦᠯᠬᠦ ᠤᠴᠢᠷ ᠲᠠᠢ ᠬᠡᠮᠡᠨ | ᠦᠵᠡᠳᠡᠭ ᠦᠵᠡᠯ ᠨᠦᠯᠦᠬᠡᠯᠡᠵᠤ ᠪᠠᠶᠢᠨ᠎ᠠ᠃ ᠳᠡᠶᠢᠮᠤ ᠴᠤ ᠤᠴᠢᠷ ᠠᠴᠠ ᠮᠤᠩᠭᠤᠯᠴᠤᠳ ᠬᠤᠨᠢᠨ ᠤ ᠳᠠᠩᠨᠠᠢ ᠶᠢ ︽ | ᠤᠷᠠᠨ ᠳᠠᠩᠨᠠᠢ︾ ᠬᠡᠵᠤ ᠨᠡᠷᠡᠯᠡᠬᠦ ᠪᠠ ᠳᠡᠬᠦᠨ ᠢ ᠦᠬᠢᠳ ᠲᠤ ᠦᠭᠴᠤ ︽ᠤᠷᠠᠨ ᠪᠤᠯᠤᠭᠠᠷᠠᠢ︕︾ ᠬᠡᠵᠤ | ᠢᠷᠦᠬᠡᠳᠡᠭ ᠠᠵᠠᠢ᠃ ᠤᠶᠤᠵᠤ ᠳᠤᠪᠬᠢᠬᠤ ᠮᠡᠳᠦ ᠶᠢᠨ ᠵᠢᠵᠢᠭ ᠤᠴᠢᠷ ᠲᠤ ᠴᠤ ᠮᠠᠰᠢ ᠤᠯᠠᠨ ᠴᠡᠬᠡᠷ ᠶᠤᠰᠤᠨ | ᠬᠤᠯᠪᠤᠭᠳᠠᠳᠠᠭ ᠤᠴᠢᠷ ᠠᠴᠠ ᠡᠮᠡᠭᠳᠠᠶᠢᠴᠤᠳ ᠡᠬᠦᠨ ᠢ ᠬᠢᠴᠢᠶᠡᠬᠦ ᠨᠢ ᠴᠢᠬᠤᠯᠠ᠃ ᠡᠰᠡ ᠳᠡᠬᠡᠪᠡᠰᠤ ︽ᠬᠡᠷ ᠤᠨ | ᠰᠤᠷᠭᠠᠯ︾ ᠮᠠᠭᠤ ︽ᠰᠤᠷᠭᠠᠯ ᠰᠤᠷᠳᠠᠯ︾ ᠦᠬᠡᠢ ᠬᠡᠭᠳᠡᠵᠤ ᠬᠦᠮᠦᠨ ᠤ ᠬᠦᠨᠳᠦᠳᠬᠡᠯ ᠢ ᠤᠯᠳᠠᠭ ᠦᠬᠡᠢ᠃ ᠳᠡᠷᠡ | ᠴᠡᠬᠡᠷ ᠢ ᠵᠢᠱᠢᠶᠡᠯᠡᠬᠦ ᠳᠤ᠄ | ᠬᠤᠪᠴᠠᠰᠤ ᠤᠶᠤᠬᠤ ᠳᠤ ᠰᠦᠪᠯᠡᠭᠰᠡᠨ ᠤᠳᠠᠰᠤ ᠪᠠᠨ ᠳᠤᠳᠠᠭᠤ ᠦᠯᠡᠳᠡᠬᠡᠵᠤ ᠬᠤᠨᠤᠬᠤ | ᠶᠢ ᠴᠡᠬᠡᠷᠯᠡᠳᠡᠭ᠃ ᠰᠦᠪᠯᠡᠭᠰᠡᠨ ᠤᠳᠠᠰᠤ ᠪᠠᠨ ᠵᠠᠪᠠᠯ ᠤᠶᠤᠵᠤ ᠳᠠᠭᠤᠰᠬᠠᠳᠠᠭ᠃ ⑤ ᠨᠦᠬᠦᠬᠡ ᠳᠠᠯ᠎ᠠ ᠪᠠᠷ ᠡᠨᠡ | ᠵᠤᠷᠪᠤᠰ ᠲᠤ ᠡᠴᠢᠬᠡ ᠲᠠᠢ ᠰᠡᠴᠡᠨ ᠠᠴᠠ ᠪᠦᠷᠳᠡ ᠶᠢ ᠡᠬᠡᠯ ᠳᠠᠷᠤᠤ ᠪᠠᠶᠢᠭᠳᠤᠨ ᠬᠡᠮᠡᠨ ᠳᠤᠬᠢᠭᠰᠠᠨ ᠬᠡᠵᠤ ᠦᠵᠡᠬᠦ | ᠪᠤᠯᠤᠮᠵᠢ ᠪᠦᠷᠢᠨ ᠬᠠᠷᠠᠭᠳᠠᠵᠤ ᠪᠠᠶᠢᠨ᠎ᠠ᠃ | ᠬᠤᠶᠠᠳᠤᠭᠠᠷ ᠲᠤ᠂ ᠢᠳᠡᠬᠡᠨ ᠤᠮᠳᠠᠭᠠᠨ ᠢ ᠴᠡᠪᠡᠷᠯᠡ ᠬᠡᠵᠤ ᠵᠠᠬᠢᠭᠰᠠᠨ᠃ ᠶᠡᠷᠦ ᠨᠢ | ᠮᠤᠩᠭᠤᠯ ᠤᠨ ᠨᠡᠬᠦᠳᠡᠯᠴᠢᠳ ᠴᠡᠮᠴᠡᠬᠡᠷ ᠴᠡᠪᠡᠷ ᠢᠶᠠᠷ ᠢᠶᠠᠨ ᠳᠡᠤᠬᠡᠨ ᠠᠴᠠ ᠤᠯᠠᠮᠵᠢᠯᠠᠯ ᠲᠠᠢ᠃ ᠨᠡᠬᠦᠬᠡᠳ ᠶᠠᠪᠤᠬᠤ | ᠳᠠᠭᠠᠨ ᠪᠠᠭᠤᠴᠠ ᠪᠠᠨ ᠴᠡᠪᠡᠷᠯᠡᠳᠡᠭ ᠵᠠᠩᠰᠢᠯ ᠲᠠᠢ ᠡᠶᠢᠮᠦ ᠦᠨᠳᠦᠰᠦᠳᠡᠨ ᠴᠡᠪᠡᠷ ᠦᠬᠡᠢ ᠴᠤ ᠶᠠᠭᠠᠬᠢᠬᠤᠪ᠃ ᠬᠡᠷᠬᠡᠢ | ᠬᠡᠵᠤ ᠡᠬᠡᠨᠡᠷ ᠢᠶᠠᠨ ᠬᠡᠯᠡᠳᠡᠭ ᠮᠤᠩᠭᠤᠯᠴᠤᠳ ᠡᠮᠡᠭᠳᠠᠢ ᠬᠦᠮᠦᠨ ᠢ ᠬᠡᠷ ᠤᠨ ᠬᠡᠷᠡᠯ ᠬᠡᠬᠡ ᠬᠡᠮᠡᠨ ᠦᠵᠡᠳᠡᠭ᠃ ᠳᠡᠶᠢᠮᠦ | ᠴᠤ ᠤᠴᠢᠷ ᠠᠴᠠ ︽ᠬᠡᠷᠬᠡᠢ ᠰᠠᠶᠢᠳᠤ ᠶᠢᠨ ᠬᠡᠷ ᠴᠡᠮᠴᠡᠬᠡᠷ︾ ᠬᠡᠳᠡᠭ ᠦᠬᠡ ᠭᠠᠷᠤᠭᠰᠠᠨ᠃ ᠴᠢᠩᠬᠢᠰ ᠤᠨ ︽ᠶᠡᠭᠡ | ᠵᠠᠰᠠᠭ ᠬᠠᠤᠯᠢ︾ ᠳᠤ ᠴᠤ᠄ ︽ᠨᠦᠬᠦᠷ ᠨᠢ ᠳᠠᠶᠢᠨ ᠳᠤ ᠶᠤᠮ ᠤᠤ︖ ᠠᠩ ᠬᠦᠷᠦᠬᠡᠨ ᠳᠤ ᠶᠠᠪᠤᠭᠰᠠᠨ ᠪᠠᠶᠢᠬᠤ | ᠳᠤ ᠡᠬᠡᠨᠡᠷ ᠨᠢ ᠬᠡᠷ ᠤᠷᠤᠨ ᠢᠶᠠᠨ ᠴᠡᠪᠡᠷ ᠴᠡᠮᠴᠡᠬᠡᠷ ᠪᠠᠶᠢᠯᠭᠠᠬᠤ ᠶᠤᠰᠤᠳᠠᠢ︾ ⑥ ᠬᠡᠮᠡᠨ ᠬᠠᠤᠯᠢ ᠵᠦᠢ ᠶᠢᠨ | ᠳᠠᠭᠠᠤ ᠵᠢᠭᠠᠭᠰᠠᠨ ᠪᠠᠶᠢᠳᠠᠭ᠃ ︽ᠶᠤᠰᠤ ᠶᠤᠮᠪᠤᠭᠤᠷ ᠳᠦᠷᠦ ᠳᠤᠮᠪᠤᠭᠤᠷ︾ ᠬᠡᠵᠤ ᠦᠵᠡᠳᠡᠭ ᠮᠤᠩᠭᠤᠯᠴᠤᠳ | ᠢᠳᠡᠬᠡᠨ ᠤᠮᠳᠠᠭᠠᠨ ᠤ ᠬᠤᠪᠢ ᠳᠤ ᠴᠤ ᠮᠠᠰᠢ ᠬᠠᠳᠠᠭᠤ ᠶᠤᠰᠤ ᠶᠢ ᠵᠢᠷᠤᠮᠯᠠᠵᠤ ᠪᠠᠶᠢᠭᠰᠠᠨ ᠢ ︽ᠨᠠᠭᠠᠴᠤ ᠶᠢᠨ | ᠳᠠᠯ᠎ᠠ ᠳᠤ ᠳᠠᠯᠤ ᠭᠠᠷᠭᠠᠳᠠᠭ ᠦᠬᠡᠢ︾ ᠵᠷᠬᠡ ᠴᠡᠬᠡᠷ ᠠᠴᠠ ᠤᠯᠵᠤ ᠬᠠᠷᠠᠨ᠎ᠠ᠃ ᠬᠡᠨ ᠳᠤ ᠶᠠᠮᠠᠷ ᠢᠳᠡᠭᠡ ᠭᠠᠷᠭᠠᠬᠤ | ᠬᠡᠷᠡᠭᠳᠠᠢ ᠶᠢ ᠬᠠᠳᠤᠨ ᠬᠦᠮᠦᠨ ᠡᠵᠡᠨ ᠮᠡᠳᠡᠳᠡᠭ ᠤᠴᠢᠷ ︽ᠢᠳᠡᠬᠡᠨ ᠤᠮᠳᠠᠭᠠᠨ ᠢ ᠡᠰᠡ ᠴᠡᠪᠡᠷᠯᠡᠪᠡᠰᠦ︾ ᠳᠤᠮᠤ | ᠠᠯᠳᠠᠰᠢ ᠭᠠᠷᠤᠨ᠎ᠠ ᠰᠢᠦ ᠳ᠋ᠧ᠃ | ᠭᠤᠷᠪᠠᠳᠤᠭᠠᠷ ᠲᠤ᠂ ᠪᠤᠳᠤᠵᠤ ᠤᠬᠠᠬᠤ ᠶᠢ ᠬᠢᠨ᠎ᠠ ᠬᠡᠮᠡᠨ ᠵᠠᠬᠢᠭᠰᠠᠨ᠃ ᠮᠤᠩᠭᠤᠯᠴᠤᠳ | ᠡᠮᠡᠭᠳᠠᠶᠢᠴᠤᠳ ᠤᠨ ᠡᠷᠬᠡ ᠶᠢ ᠬᠠᠷᠢᠴᠠᠩᠭᠤᠢ ᠬᠦᠨᠳᠦᠯᠡᠵᠤ ᠪᠠᠶᠢᠭᠰᠠᠨ ᠨᠢ ᠡᠬᠡ ᠶᠢᠨ ᠡᠷᠬᠡᠳᠦ ᠨᠡᠶᠢᠬᠡᠮ ᠤᠨ ᠤᠯᠠ | ᠮᠦᠷ ᠮᠤᠩᠭᠤᠯ ᠢ ᠶᠡᠭᠡ ᠤᠷᠤᠢ ᠪᠤᠯᠳᠠᠯ᠎ᠠ ᠨᠦᠯᠦᠬᠡᠯᠡᠵᠤ ᠪᠠᠶᠢᠭᠰᠠᠨ ᠤ ᠤᠴᠢᠷ ᠪᠢᠵᠡ᠃ ᠳᠡᠬᠡᠬᠡᠳ ᠴᠤ ︽ᠡᠷᠯᠢᠭ | ᠠᠴᠠ ᠠᠶᠤᠳᠠᠭ ᠦᠬᠡᠢ ᠡᠵᠡᠨ ᠴᠢᠩᠬᠢᠰ ᠡᠵᠢ ᠠᠴᠠ ᠪᠠᠨ ᠠᠶᠤᠬᠤ ᠶᠢᠨ ᠶᠡᠭᠡ ᠪᠠᠷ ᠠᠶᠤᠪᠠ︾ ᠬᠡᠳᠡᠭ ᠦᠬᠡ | ᠭᠠᠷᠤᠭᠰᠠᠨ ᠪᠢᠵᠡ᠃ ᠡᠶᠢᠮᠦ ᠵᠠᠩᠰᠢᠯ ᠲᠠᠢ ᠮᠤᠩᠭᠤᠯᠴᠤᠳ ᠬᠠᠳᠤᠳ ᠢ ᠬᠦᠨᠳᠦᠯᠡᠵᠤ ︽ᠬᠦᠵᠦᠬᠦᠦ ᠬᠠᠮᠢᠭᠠᠰᠢ | ᠪᠤᠯ ᠳᠤᠯᠤᠭᠠᠢ ᠳᠡᠶᠢᠰᠢ ᠪᠠᠨ︾ ᠬᠡᠵᠤ ᠦᠵᠡᠵᠤ ︽ᠬᠠᠳᠤᠨ ᠬᠦᠵᠦᠬᠦᠦ︾ ᠬᠡᠬᠦ ᠦᠬᠡ ᠶᠢ ᠡᠬᠦᠰᠬᠡᠭᠰᠡᠨ ᠪᠠᠶᠢᠬᠤ᠃ | ᠶᠡᠷᠦ ᠨᠢ ᠬᠤᠷᠠᠯᠳᠠᠢ ᠳᠤ ᠬᠠᠳᠤᠳ ᠴᠤ ᠤᠷᠤᠯᠴᠠᠨ ᠦᠨᠡᠳᠦ ᠰᠠᠨᠠᠭᠤᠯᠭ᠎ᠠ ᠪᠠᠨ ᠦᠭᠴᠤ ᠪᠠᠶᠢᠭᠰᠠᠨ ᠢ ᠶᠢᠰᠦᠢ | ᠬᠠᠳᠤᠨ ᠦᠬᠦᠬᠦ ᠶᠠᠯ᠎ᠠ ᠠᠴᠠ ᠰᠦᠷᠳᠡᠯ ᠦᠬᠡᠢ ᠡᠵᠡᠨ ᠴᠢᠩᠬᠢᠰ ᠲᠤ ᠮᠦᠩᠬᠡ ᠪᠤᠰᠤ ᠶᠢ ᠰᠠᠨᠠᠭᠤᠯᠵᠤ ᠪᠠᠶᠢᠭᠰᠠᠨ | ᠠᠴᠠ ᠮᠡᠳᠡᠵᠤ ᠪᠤᠯᠤᠨ᠎ᠠ᠃ ᠡᠶᠢᠮᠦ ᠠᠴᠠ ᠬᠠᠳᠤᠨ ᠪᠤᠯᠤᠭᠴᠢ ᠬᠦᠮᠦᠨ ᠴᠡᠴᠡᠨ ᠮᠡᠷᠬᠡᠨ ᠤᠬᠠᠭᠠᠨ ᠲᠠᠢ ᠪᠠᠶᠢᠵᠤ | ᠪᠤᠳᠤᠵᠤ ᠬᠢᠨᠠᠬᠤ ᠶᠢ ᠬᠢᠴᠢᠶᠡᠬᠦ ᠬᠡᠷᠡᠭᠳᠠᠢ ᠬᠡᠵᠤ ᠮᠤᠩᠭᠤᠯ ᠤᠨ ᠨᠡᠬᠦᠳᠡᠯᠴᠢᠳ ᠦᠵᠡᠳᠡᠭ ᠠᠵᠠᠢ᠃ | ᠳᠦᠷᠪᠡᠳᠦᠬᠡᠷ ᠲᠤ᠂ ᠵᠢᠷᠦᠬᠡ ᠪᠠᠭ᠎ᠠ ᠦᠬᠡ ᠴᠦᠬᠡᠬᠡᠨ ᠪᠤᠯ ᠬᠡᠵᠤ ᠵᠠᠬᠢᠭᠰᠠᠨ ᠪᠠᠶᠢᠨ᠎ᠠ᠃ | ᠶᠡᠷᠦ ᠨᠢ ᠬᠤᠶᠠᠷ ᠠᠯᠠᠭ᠎ᠠ ᠬᠠᠪᠢᠷᠬᠤ ᠦᠬᠡᠢ ᠪᠤᠯ ᠳᠠᠭᠤᠨ ᠭᠠᠷᠳᠠᠭ ᠦᠬᠡᠢ ᠵᠢᠮ᠎ᠡ ᠲᠠᠢ᠃ ᠬᠡᠷ ᠪᠦᠯᠢ ᠶᠢᠨ ᠡᠪ | ᠨᠠᠶᠢᠷ ᠲᠠᠢ ᠪᠠᠶᠢᠬᠤ ᠶᠢ ᠨᠦᠬᠦᠷ ᠬᠠᠳᠤᠨ ᠬᠤᠶᠠᠷ ᠤᠨ ᠠᠭᠤᠴᠢ ᠪᠠᠶᠢᠬᠤ ᠲᠠᠢ ᠨᠢᠭᠳᠠ ᠬᠤᠯᠪᠤᠭ᠎ᠠ ᠲᠠᠢ ᠠᠵᠠᠢ᠃ | ᠳᠡᠬᠡᠬᠡᠳ ᠴᠤ ᠡᠮᠡᠭᠳᠠᠢ ᠬᠦᠮᠦᠨ ᠦᠬᠡ ᠤᠯᠠᠳᠠᠵᠤ ᠬᠤᠪ ᠶᠡᠬᠡᠳᠦᠪᠡᠯ ᠬᠦᠨᠳᠦ ᠪᠠᠨ ᠪᠠᠷᠠᠵᠤ ᠬᠡᠷᠡᠬᠦᠯ ᠤᠨ ᠦᠨᠳᠦᠰᠦ | ᠪᠤᠯᠳᠠᠭ ᠬᠡᠬᠦ᠃ ᠶᠠᠭ ᠡᠶᠢᠮᠦ ᠠᠴᠠ ᠡᠷᠳᠡᠨ ᠤ ᠮᠤᠩᠭᠤᠯᠴᠤᠳ ᠡᠮᠡᠭᠳᠠᠶᠢᠴᠤᠳ ᠢ ᠦᠬᠡ ᠴᠦᠬᠡᠬᠡᠨ ᠠᠵᠢᠯ ᠶᠡᠬᠡᠳᠠᠢ | ᠪᠠᠶᠢᠬᠤ ᠶᠢ ᠱᠠᠭᠠᠷᠳᠠᠵᠤ ᠪᠠᠶᠢᠵᠠᠢ᠃ | ᠳᠠᠪᠤᠳᠤᠭᠠᠷ ᠲᠤᠷ᠂ ᠪᠡᠶ᠎ᠡ ᠪᠠᠨ ᠰᠠᠬᠢᠨ ᠵᠤᠷᠢᠭ ᠪᠠᠳᠤ ᠪᠤᠯ ᠬᠡᠵᠤ ᠰᠤᠷᠭᠠᠭᠰᠠᠨ᠃ | ᠮᠤᠩᠭᠤᠯᠴᠤᠳ ᠬᠡᠤᠬᠡᠨ ᠬᠦᠮᠦᠨ ᠢ ᠵᠢᠷᠤᠭ ᠰᠢᠯᠦᠭ ᠲᠤ ᠳᠠᠰᠬᠠᠬᠤ ᠬᠡᠵᠤ ᠬᠦᠬᠡᠬᠡᠴᠡᠯᠳᠦᠳᠡᠭ ᠪᠢᠰᠢ᠂ ᠬᠡᠳᠡᠷᠬᠦ ᠪᠠᠨ | ᠬᠠᠳᠠᠨ ᠵᠤᠷᠢᠭ ᠲᠠᠢ᠂ ᠠᠤᠭ᠎ᠠ ᠪᠤᠳᠤᠯᠭ᠎ᠠ ᠲᠠᠢ ᠪᠤᠯᠭᠠᠬᠤ ᠪᠠᠷ ᠱᠠᠭᠠᠷᠳᠠᠳᠠᠭ ᠠᠵᠠᠢ᠃ ᠳᠡᠶᠢᠮᠦ ᠴᠤ ᠤᠴᠢᠷ ᠠᠴᠠ | ᠪᠦᠷᠳᠡ᠂ ᠮᠠᠨᠳᠤᠬᠠᠢ ᠮᠡᠳᠦ ᠳᠤᠮᠤ ᠨᠦᠯᠦᠬᠡ ᠪᠦᠬᠦᠢ ᠬᠠᠳᠤᠳ ᠠᠯᠢ ᠤᠯᠠᠨ ᠳᠤᠳᠤᠷᠠᠭᠰᠠᠨ ᠪᠠᠶᠢᠨ᠎ᠠ᠃ | ᠵᠢᠷᠭᠤᠳᠤᠭᠠᠷ ᠲᠤᠷ᠂ ᠳᠠᠭᠤᠯᠠᠵᠤ ᠬᠢᠩᠰᠢᠬᠦ ᠶᠢ ᠪᠢᠳᠡᠬᠡᠢ ᠰᠤᠷ ᠬᠡᠵᠤ ᠵᠠᠬᠢᠵᠠᠢ᠃ ︽ | ᠳᠡᠯᠡᠬᠡᠢ ᠰᠢᠭ ᠪᠠᠶᠠᠨ ᠶᠠᠪᠤᠯ᠎ᠠ ᠴᠤ ᠳᠡᠷᠡᠨ ᠳᠡᠬᠡᠷ᠎ᠡ ᠪᠠᠨ ᠳᠠᠭᠤᠯᠠᠳᠠᠭ ᠦᠬᠡᠢ ᠮᠤᠩᠭᠤᠯ︾ ᠬᠡᠵᠤ ᠶᠠᠷᠢᠭᠰᠠᠨ ᠰᠢᠭ᠋ | ᠮᠤᠩᠭᠤᠯ ᠪᠦᠰᠡᠬᠦᠶᠢᠴᠤᠳ ᠮᠤᠷᠢᠳᠠᠨ ᠵᠠᠯᠠᠭᠤᠰ ᠢᠶᠠᠨ ᠤᠶᠠᠷᠳᠠᠯᠠ ᠳᠠᠭᠤᠯᠠᠳᠠᠭ ᠠᠪᠠᠴᠤ ᠬᠢᠳᠠᠳ ᠤᠨ ᠳᠠᠭᠤᠴᠢ | ᠡᠮᠡᠰ ᠰᠢᠭ᠋ ᠬᠢᠩᠰᠢᠵᠤ ᠶᠠᠪᠤᠭ᠎ᠠ ᠦᠬᠡᠢ ᠶᠢ ᠳᠡᠤᠬᠡ ᠮᠠᠷᠳᠠᠭ᠎ᠠ ᠦᠬᠡᠢ᠃ | ᠳᠤᠯᠤᠳᠤᠭᠠᠷ ᠵᠤᠷᠪᠤᠰ ᠵᠠᠬᠢᠶ᠎ᠠ ᠳᠤ ᠬᠠᠷᠠᠮ ᠬᠠᠷᠬᠢᠰ ᠢ ᠳᠡᠪᠴᠢᠳᠦᠬᠡᠢ ᠬᠡᠵᠤ ᠵᠠᠬᠢᠭᠰᠠᠨ᠃ | ᠡᠨᠡ ᠰᠤᠷᠭᠠᠯ ᠳᠤ ᠪᠤᠤ ᠬᠠᠷᠠᠮᠴᠢ ᠪᠠᠢ ᠬᠡᠵᠤ ᠵᠠᠬᠢᠭᠠ ᠦᠬᠡᠢ᠂ ᠬᠠᠷᠢᠨ ︽ᠬᠠᠷᠬᠢᠰ︾ ᠬᠡᠳᠡᠭ ᠦᠬᠡ ᠶᠢ | ᠵᠠᠷᠤᠭᠰᠠᠨ ᠨᠢ ᠶᠤᠰᠤᠨ ᠳᠤᠳᠤᠷ᠎ᠠ ᠬᠠᠷᠠᠮᠨᠠᠵᠤ ᠪᠠᠢ᠂ ᠬᠠᠷᠢᠨ ᠬᠠᠷᠬᠢᠰ ᠬᠠᠷᠠᠮ ᠢ ᠳᠡᠪᠴᠢᠳᠦᠬᠡᠢ ᠬᠡᠮᠡᠬᠦ ᠰᠠᠨᠠᠭ᠎ᠠ | ᠠᠭᠤᠯᠠᠵᠤ ᠪᠤᠢ᠃ ︽ᠶᠡᠭᠡ ᠵᠠᠰᠠᠭ︾ ᠲᠤ ︽ᠡᠯᠴᠢ ᠴᠤ ᠪᠤᠯ᠂ ᠵᠤᠴᠢᠨ ᠴᠤ ᠪᠤᠯ ᠪᠦᠬᠦ ᠶᠠᠭᠤᠮ᠎ᠠ ᠴᠡᠭᠴᠡᠲᠠᠢ | ᠪᠠᠶᠢᠬᠤ ᠤᠴᠢᠷ ᠲᠠᠢ᠂ ᠬᠠᠷᠢᠨ ﹇ᠡᠵᠡᠭᠳᠠᠢ﹈ ᠨᠢ ᠵᠤᠴᠢᠨ ᠳᠤ ᠰᠠᠶᠢᠨ ᠬᠤᠭᠤᠯᠠ ᠪᠤᠶᠤ ᠬᠡᠷᠡᠭ ᠲᠠᠢ ᠵᠦᠢᠯ ᠢ ᠨᠢ | ᠪᠡᠯᠡᠳᠬᠡᠵᠤ ᠦᠭᠬᠦ ᠬᠡᠷᠡᠭᠳᠠᠢ︾ ᠬᠡᠵᠤ ᠵᠢᠭᠠᠭᠰᠠᠨ ᠪᠠᠶᠢᠳᠠᠭ ⑦᠃ | ᠨᠠᠢᠮᠠᠳᠤᠭᠠᠷ ᠲᠤᠷ᠂ ᠬᠠᠳᠠᠮ ᠬᠠᠷᠢ ᠪᠠᠨ ᠬᠦᠨᠳᠦᠯᠡ᠃ ᠡᠨᠡ ᠪᠤᠯ ᠪᠡᠷᠢ ᠪᠤᠯᠬᠤ ᠬᠦᠮᠦᠨ | ᠤ ᠦᠨᠳᠦᠰᠦᠨ ᠶᠤᠰᠤᠨ ᠱᠠᠭᠠᠷᠳᠠᠯᠭ᠎ᠠ ᠠᠵᠠᠢ᠃ | ᠶᠢᠰᠦᠳᠦᠬᠡᠷ ᠲᠤᠷ᠂ ᠠᠯᠵᠠᠭᠤ ᠵᠠᠯᠬᠠᠭᠤ ᠶᠢ ᠳᠡᠪᠴᠢᠳᠦᠬᠡᠢ ᠬᠡᠵᠠᠢ᠃ ᠠᠶᠢᠯ ᠢᠶᠠᠨ | ᠦᠬᠡᠳᠡᠯᠡᠬᠦᠯᠵᠤ ᠬᠡᠷ ᠢᠶᠠᠨ ᠴᠡᠮᠴᠡᠬᠡᠷ ᠠᠪᠴᠤ ᠶᠠᠪᠤᠬᠤ ᠨᠢ ᠠᠯᠢ ᠴᠤ ᠴᠠᠭ ᠲᠤ ᠬᠡᠷᠬᠡᠢ ᠶᠢᠨ ᠬᠢᠨᠢ ᠠᠵᠢᠯᠴᠢ ᠡᠰᠡᠬᠦ | ᠲᠠᠢ ᠮᠠᠰᠢ ᠨᠢᠭᠳᠠ ᠬᠤᠯᠪᠤᠭ᠎ᠠ ᠲᠠᠢ ᠠᠵᠠᠢ᠃ | ᠳᠡᠬᠡᠷᠡᠬᠢ ᠶᠢᠰᠦᠨ ᠵᠤᠷᠪᠤᠰ ᠰᠤᠷᠭᠠᠯ ᠠᠴᠠ ᠦᠵᠡᠵᠤ ᠭᠠᠷᠬᠤ ᠨᠢ᠄ | ⑴ ᠳᠤ ᠪᠦᠷ ᠦᠨᠳᠦᠰᠦᠨ ᠶᠠᠭᠤᠮ᠎ᠠ ᠶᠢ ᠶᠠᠷᠢᠵᠠᠢ᠃ ᠤᠭ ᠰᠤᠷᠭᠠᠯ ᠳᠤ ᠳᠦᠷᠦ ᠳᠤ | ᠤᠷᠤᠯᠴᠠᠬᠤ᠂ ᠬᠡᠷᠬᠢᠨ ᠬᠠᠨ ᠤ ᠬᠠᠳᠤᠨ ᠪᠤᠯᠬᠤ ᠳᠤᠬᠠᠢ ᠵᠢᠭᠠᠭᠰᠠᠨ ᠦᠬᠡᠢ ᠬᠠᠷᠢᠨ ᠪᠦᠰᠡᠬᠦᠢ ᠬᠦᠮᠦᠨ᠂ ᠬᠡᠷ ᠤᠨ | ᠡᠵᠡᠭᠳᠠᠢ ᠬᠦᠮᠦᠨ ᠶᠠᠮᠠᠷ ᠪᠠᠶᠢᠬᠤ ᠶᠢ ᠵᠢᠷ ᠤᠨ ᠬᠦᠮᠦᠨ ᠤ ᠡᠬᠡᠯ ᠠᠮᠢᠳᠤᠷᠠᠯ ᠳᠤᠮᠳᠠᠬᠢ ᠤᠴᠢᠷ ᠤᠳ ᠢ ᠵᠠᠬᠢᠵᠠᠢ᠃ | ⑵ ᠳᠤ ᠬᠡᠤᠬᠡᠨ ᠢᠶᠠᠨ ︽ᠡᠷ᠎ᠡ ᠶᠢᠨ ᠪᠤᠭᠤᠯ ᠬᠡᠷ ᠤᠨ ᠵᠠᠷᠤᠴᠠ︾ ᠪᠤᠯᠭᠠᠬᠤ ᠬᠡᠰᠡᠨ | ᠪᠢᠰᠢ᠂ ᠬᠠᠷᠢᠨ ᠤᠬᠠᠭᠠᠨ ᠲᠠᠢ᠂ ᠴᠡᠴᠡᠨ᠂ ᠬᠠᠶᠢᠷ᠎ᠠ ᠬᠦᠨᠳᠦᠳᠬᠡᠯ ᠲᠠᠢ ᠠᠤᠭ᠎ᠠ ᠪᠤᠳᠤᠯᠭ᠎ᠠ ᠲᠠᠢ ᠪᠤᠯᠭᠠᠬᠤ ᠬᠡᠵᠤ | ᠱᠠᠭᠠᠷᠳᠠᠵᠤ ᠪᠠᠶᠢᠭᠰᠠᠨ ᠪᠠᠶᠢᠨ᠎ᠠ᠃ | ⑶ ᠳᠤ ᠳᠤᠮᠤ ᠬᠠᠳᠤᠨ ᠬᠡᠷᠬᠢᠨ ᠰᠠᠭᠤᠬᠤ ᠶᠢ ᠵᠢᠭᠠᠭᠰᠠᠨ ᠪᠢᠰᠢ ᠬᠠᠷᠢᠨ ᠡᠬᠡᠯ ᠬᠦᠮᠦᠨ | ᠤ ᠬᠡᠷᠬᠡᠢ ᠰᠢᠭ ᠬᠡᠷ ᠤᠷᠤᠨ ᠢᠶᠠᠨ ᠬᠡᠷᠡᠯᠳᠡᠬᠦᠯᠦᠨ ᠡᠷ᠎ᠡ ᠨᠦᠬᠦᠷ ᠲᠤ ᠪᠠᠨ ᠳᠤᠰᠯᠠᠯᠴᠠᠵᠤ ᠶᠠᠪᠤᠬᠤ ᠶᠢ ᠱᠠᠭᠠᠷᠳᠠᠵᠠᠢ | ᠃ ᠴᠢᠩᠬᠢᠰ ᠤᠨ ᠰᠤᠷᠭᠠᠯ ᠳᠤ ︽ᠪᠡᠶ᠎ᠡ ᠪᠠᠨ ᠵᠠᠰᠠᠵᠤ ᠴᠢᠳᠠᠪᠠᠰᠤ ᠬᠡᠷ ᠢᠶᠠᠨ ᠵᠠᠰᠠᠵᠤ ᠴᠢᠳᠠᠮᠤᠢ᠂ ᠬᠡᠷ ᠢᠶᠠᠨ | ᠵᠠᠰᠠᠵᠤ ᠴᠢᠳᠠᠪᠠᠰᠤ᠂ ᠳᠦᠷᠦ ᠶᠢ ᠵᠠᠰᠠᠵᠤ ᠴᠢᠳᠠᠮᠤᠢ︾ ᠬᠡᠮᠡᠭᠰᠡᠨ ᠪᠠᠶᠢᠳᠠᠭ ᠢ ᠪᠤᠳᠤᠯᠳᠠᠢ᠃ | ⑷ ᠳᠤ ᠡᠨᠡ ᠰᠤᠷᠭᠠᠯ ᠢ ᠡᠩ ᠤᠨ ᠮᠠᠶ᠋ᠢᠭ ᠢᠶᠠᠷ ᠵᠠᠬᠢᠭᠰᠨᠠ ᠪᠢᠰᠢ᠂ ᠬᠠᠷᠢᠨ ᠡᠴᠢᠬᠡ | ᠬᠡᠤᠬᠡᠨ ᠤ ᠬᠠᠷᠢᠴᠠᠭ᠎ᠠ ᠳᠠᠰᠤᠯᠬᠤ ᠡᠰᠡᠬᠦ ᠲᠠᠢ ᠬᠤᠯᠪᠤᠭᠳᠠᠭᠤᠯᠤᠨ ᠴᠢᠩᠳᠠᠯᠠᠨ ᠵᠠᠬᠢᠵᠠᠢ᠃ | ᠬᠤᠶᠠᠷ᠂ ᠲᠠᠢ ᠰᠡᠴᠡᠨ ᠤ ᠰᠤᠷᠭᠠᠯ ᠬᠢᠬᠡᠳ ᠳᠡᠬᠦᠨ ᠤ ᠤᠳᠤᠬᠢ ᠨᠡᠶᠢᠬᠡᠮ ᠳᠠᠬᠢ | ᠠᠬᠤᠶᠢᠴᠢ ᠠᠴᠢ ᠬᠤᠯᠪᠤᠭᠳᠠᠯ | ᠨᠡᠶᠢᠬᠡᠮ ᠬᠦᠭᠵᠢᠵᠤ᠂ ᠲᠠᠢ ᠰᠡᠴᠡᠨ ᠤ ᠰᠡᠴᠡᠯᠡᠭᠰᠡᠨ ᠰᠤᠷᠭᠠᠯ ᠳᠡᠷᠳᠡᠭᠡ ᠵᠠᠭᠤᠨ ᠤ | ᠠᠯᠤᠰ ᠲᠠᠬᠢ ᠤᠴᠢᠷ ᠪᠤᠯᠴᠢᠬᠠᠭᠰᠠᠨ ᠪᠠᠶᠢᠬᠤ ᠳᠤ ᠠᠵᠠ ᠪᠠᠷ ᠪᠢᠳᠡ ᠳᠡᠷᠡᠬᠦ ᠠᠯᠳᠠᠨ ᠰᠤᠷᠭᠠᠯ ᠢ ᠢᠨᠵᠠᠨᠠᠰᠢ ᠶᠢᠨ | ︽ᠬᠦᠬᠡ ᠰᠤᠳᠤᠷ︾ ᠨᠤᠮ ᠠᠴᠠ ᠬᠠᠷᠠᠵᠤ ᠪᠠᠶᠢᠨ᠎ᠠ᠃ ᠬᠡᠬᠦ ᠳᠤ ᠤᠯᠠᠨ ᠬᠦᠮᠦᠨ ᠡᠨᠡᠬᠦ ᠰᠤᠷᠭᠠᠯ ᠢ ᠴᠠᠭ ᠦᠶ᠎ᠡ | ᠠᠴᠠ ᠬᠤᠴᠤᠷᠠᠭᠰᠠᠨ ᠬᠡᠵᠤ ᠦᠵᠡᠵᠤ ᠪᠤᠢ᠃ ᠳᠡᠬᠡᠪᠡᠯ ᠨᠠᠢᠮᠠᠨ ᠵᠠᠭᠤᠨ ᠤ ᠳᠡᠷᠳᠡᠬᠡᠬᠢ ᠴᠡᠴᠡᠨ ᠳᠡᠬᠡᠳᠦᠰ ᠤᠨ ᠮᠢᠨᠢ | ᠰᠤᠷᠭᠠᠯ ᠨᠡᠬᠡᠷᠡᠨ ᠴᠠᠭ ᠦᠶ᠎ᠡ ᠠᠴᠠ ᠬᠤᠴᠤᠷᠠᠭᠰᠠᠨ ᠤᠤ︖ ᠬᠡᠪᠡᠯ ᠮᠢᠨᠤ ᠦᠵᠡᠬᠦ ᠪᠠᠷ ᠴᠠᠭ ᠦᠶ᠎ᠡ ᠠᠴᠠ | ᠬᠤᠴᠤᠷᠠᠭᠰᠨᠠ ᠪᠢᠰᠢ ᠬᠠᠷᠢᠨ ᠴᠤ ᠦᠨᠦ ᠶᠢᠨ ᠦᠶ᠎ᠡ ᠳᠤ ᠳᠤᠩ ᠴᠢᠬᠤᠯᠠ ᠱᠠᠭᠠᠷᠳᠠᠵᠤ ᠪᠠᠶᠢᠨ᠎ᠠ᠃ ᠠᠪᠤᠨ | ᠦᠵᠡᠬᠦ ᠳᠤ ᠲᠠᠢ ᠰᠡᠴᠡᠨ ᠤ ᠡᠳᠡᠬᠡᠷ ᠰᠤᠷᠭᠠᠯ ᠨᠢ ᠡᠮᠡᠭᠳᠠᠶᠢᠴᠤᠳ ᠤᠨ ᠡᠷᠬᠡ ᠴᠢᠯᠦᠬᠡ ᠶᠢ ᠮᠠᠰᠢᠳᠠ ᠬᠢᠵᠠᠭᠠᠷᠯᠠᠵᠤ | ᠪᠠᠶᠢᠬᠤ ᠮᠡᠳᠦ ᠪᠤᠯᠪᠠᠴᠤ ᠦᠨᠡᠨ ᠳᠡᠭᠡᠨ ᠳᠡᠶᠢᠮᠦ ᠪᠢᠰᠢ᠃ | ᠦᠨᠦᠳᠦᠷ ᠤᠨ ᠶᠡᠭᠡ ᠰᠤᠷᠭᠠᠭᠤᠯᠢ ᠶᠢᠨ ᠬᠦᠷᠢᠶᠡᠨ ᠳᠠᠬᠢ ᠡᠮᠡᠭᠳᠠᠢ ᠤᠶᠤᠳᠠᠳ ᠦᠢᠯᠡ | ᠤᠳᠠᠰᠤᠨ ᠤ ᠠᠵᠢᠯ ᠢ ᠴᠢᠳᠠᠬᠤ ᠨᠢ ᠬᠡᠳᠦ ᠯᠠ ᠪᠠᠶᠢᠬᠤ ᠠᠵᠠᠢ᠃ ᠬᠠᠷᠢᠨ ᠴᠤ ᠪᠤᠳᠤᠯᠭ᠎ᠠ ᠪᠠᠭᠠᠳᠠᠢ᠂ ᠵᠢᠷᠦᠬᠡ | ᠶᠡᠭᠡ ᠲᠠᠢ᠂ ᠬᠡᠷᠡᠬᠦᠯᠴᠢ᠂ ᠰᠤᠯᠠ ᠵᠠᠳᠠᠭᠠᠢ᠂ ᠬᠦᠮᠦᠨ ᠮᠦᠰᠦ ᠮᠠᠭᠤ ᠁ ᠵᠡᠷᠬᠡ ᠨᠠᠵᠠᠭᠠᠢ ᠵᠦᠢᠯ ᠤᠳ ᠶᠡᠬᠡᠬᠡᠨ | ᠭᠠᠵᠠᠷ ᠠᠪᠴᠤ ᠪᠠᠶᠢᠨ᠎ᠠ᠃ ᠦᠨᠦᠳᠦᠷ ᠳᠡᠯᠡᠬᠡᠢ ᠳᠠᠶᠠᠭᠠᠷ ᠬᠦᠮᠦᠨ ᠤ ᠡᠷᠬᠡ ᠶᠢ ᠬᠦᠨᠳᠦᠳᠬᠡᠵᠤ ᠠᠪᠠᠴᠤ | ᠡᠮᠡᠭᠳᠠᠶᠢᠴᠤᠳ ᠠᠷᠠᠬᠢ ᠳᠠᠮᠠᠬᠢ ᠤᠤᠭᠤᠬᠤ᠂ ᠳᠠᠮᠠᠬᠢ ᠳᠠᠳᠠᠬᠤ᠂ ᠪᠦᠵᠢᠭ ᠦᠰᠦᠷᠬᠡᠨ ᠳᠤ ᠳᠠᠩᠳᠠ ᠬᠦᠶᠦᠬᠦ ᠨᠢ | ᠪᠡᠶ᠎ᠡ ᠰᠡᠳᠬᠢᠯ ᠤᠨ ᠠᠯᠢ ᠠᠯᠢ ᠨᠢ ᠳᠤ ᠴᠤ ᠠᠰᠢᠭ ᠦᠬᠡᠢ ᠠᠵᠠᠢ᠃ ᠬᠡᠤᠬᠡᠳ ᠤᠨ ᠬᠦᠮᠦᠵᠢᠯ ᠳᠤ ᠡᠬᠡ ᠬᠦᠮᠦᠨ | ᠮᠠᠰᠢ ᠴᠢᠬᠤᠯᠠ ᠨᠦᠯᠦᠬᠡ ᠦᠵᠡᠬᠦᠯᠳᠡᠭ ᠢ ︽ᠡᠬᠡ ᠨᠢ ᠬᠡᠬᠡᠷ ᠠᠯᠠᠭ ᠪᠤᠯ ᠤᠨᠠᠭ᠎ᠠ ᠨᠢ ᠰᠢᠬᠢᠷ᠎ᠠ ᠠᠯᠠᠭ︾ ᠬᠡᠬᠦ | ᠠᠷᠠᠳ ᠤᠨ ᠮᠠᠨᠢ ᠴᠡᠴᠡᠨ ᠦᠬᠡ ᠪᠦᠷᠢᠨ ᠬᠠᠷᠠᠭᠤᠯᠵᠤ ᠪᠠᠶᠢᠨ᠎ᠠ᠃ ᠰᠡᠬᠦᠯ ᠤᠨ ᠦᠶ᠎ᠡ ᠳᠤ ᠪᠡᠷᠢ ᠨᠢ ᠬᠠᠳᠠᠮ ᠢᠶᠠᠨ | ᠬᠡᠷ ᠠᠴᠠ ᠪᠠᠨ ᠦᠯᠡᠳᠡᠵᠤ ᠭᠠᠷᠭᠠᠭᠰᠠᠨ᠂ ᠪᠦᠰᠡᠬᠦᠢ ᠨᠢ ᠵᠠᠪᠬᠠᠶᠢᠷᠠᠵᠤ ᠠᠶᠢᠯ ᠨᠢ ᠰᠠᠷᠨᠢᠭᠰᠠᠨ ᠮᠡᠳᠡᠭᠡ ᠬᠤᠳᠠ | ᠬᠦᠳᠡᠭᠡ ᠦᠬᠡᠢ ᠭᠠᠵᠠᠷ ᠠᠪᠴᠤ ᠪᠤᠢ ᠨᠢ ᠤᠯᠠᠮᠵᠢᠯᠠᠯᠳᠤ ᠶᠤᠰᠤ ᠵᠠᠩᠰᠢᠯ ᠮᠠᠨᠢ ᠠᠯᠳᠠᠭᠳᠠᠵᠤ ᠪᠠᠶᠢᠬᠤ ᠶᠢᠨ ᠦᠷ᠎ᠡ | ᠨᠦᠯᠦᠬᠡ ᠴᠤ ᠪᠢᠯᠢᠦ︖ ᠦᠨᠳᠦᠰᠦᠳᠡᠨ ᠤ ᠰᠡᠷᠬᠦᠨ ᠮᠠᠨᠳᠤᠯ ᠳᠤ ᠬᠤᠶᠢᠴᠢ ᠦᠶ᠎ᠡ ᠶᠢᠨ ᠪᠡᠶ᠎ᠡ ᠰᠡᠳᠬᠢᠯ ᠤᠨ ᠬᠡᠪ | ᠴᠢᠨᠠᠷ ᠴᠢᠬᠤᠯᠠ ᠦᠢᠯᠡᠳᠦᠯ ᠦᠵᠡᠬᠦᠯᠳᠡᠭ ᠢ ᠦᠬᠡᠷ᠎ᠡ ᠦᠨᠳᠦᠰᠦᠳᠡᠨ ᠨᠦᠭᠦᠳ ᠤᠨ ᠮᠠᠨᠳᠤᠨ ᠪᠠᠭᠤᠷᠠᠭᠰᠠᠨ ᠳᠡᠤᠬᠡ | ᠶᠠᠷᠢᠵᠤ ᠪᠠᠶᠢᠨ᠎ᠠ᠃ ᠳᠡᠶᠢᠮᠦ ᠠᠴᠠ ᠰᠠᠶᠢᠨ ᠰᠠᠶᠢᠬᠠᠨ ᠬᠡᠷ ᠪᠦᠯᠢ ᠢ ᠰᠤᠳᠤᠨ ᠡᠬᠡᠴᠤᠤᠯ ᠯᠠ ᠳᠦᠰᠢᠵᠤ ᠳᠡᠨᠳᠡ | ᠠᠴᠠ ᠬᠦᠬᠡ ᠮᠤᠩᠭᠤᠯ ᠤᠨ ᠢᠷᠡᠬᠡᠳᠦᠢ ᠳᠤᠷᠭᠠᠨ ᠳᠤ ᠪᠤᠭᠤᠯᠳᠠ ᠲᠠᠢ ᠦᠰᠦᠨ᠎ᠡ ᠪᠢᠵᠡ᠃ | ᠡᠷᠦᠬᠡ ᠬᠡᠷ ᠤᠨ ᠬᠤᠶᠠᠷ ᠳᠤᠯᠭᠠᠭᠤᠷᠢ ᠶᠢᠨ ᠨᠢᠬᠡ᠂ ᠳᠦᠷᠦ ᠶᠢᠨ ᠮᠢᠨᠢ ᠬᠠᠭᠠᠰ ᠳᠡᠭᠷᠢ | ᠪᠤᠯᠤᠭᠰᠠᠨ ᠬᠠᠳᠤᠨ ᠵᠠᠶᠠᠭ᠎ᠠ ᠦᠷᠦᠰᠢᠶᠡᠵᠤ ᠮᠤᠩᠭᠤᠯ ᠤᠨ ᠮᠠᠨᠢ ᠮᠢᠩᠭᠠᠨ ᠮᠢᠩᠭᠠᠨ ᠦᠬᠢᠳ ᠢ ᠲᠠᠢ ᠰᠡᠴᠡᠨ ᠤ | ᠰᠤᠷᠭᠠᠯ ᠳᠤ ᠬᠦᠮᠦᠵᠢᠭᠰᠡᠨ ᠪᠦᠷᠳᠡ ᠰᠢᠭ ᠪᠤᠯᠭᠠᠵᠤ ᠮᠤᠩᠭᠤᠯ ᠡᠷᠡᠰ ᠤᠨ ᠵᠠᠶᠠᠭ᠎ᠠ ᠶᠢ ᠳᠦᠰᠢᠬᠦ ᠳᠤᠯᠠᠭᠠᠨ | ᠦᠷᠬᠦᠬᠡᠨ ᠤ ᠪᠠᠨ ᠬᠡᠷᠡᠯ ᠬᠡᠬᠡ ᠢᠪᠡᠬᠡᠭᠴᠢ ᠪᠤᠯᠭᠠᠵᠤ ᠬᠠᠶᠢᠷᠠᠯᠠ︕ | | 【 ᠵᠡᠬᠦᠯᠳᠡ 】 | ① ᠸ᠊᠂ ᠢᠨᠵᠠᠨᠨᠠᠰᠢ ᠶᠢᠨ ︽ᠶᠡᠭᠡ ᠶᠤᠸᠠᠨ ᠤᠯᠤᠰ ᠤᠨ ᠮᠠᠨᠳᠤᠭᠰᠠᠨ ᠳᠦᠷᠦ ᠶᠢᠨ | ᠬᠦᠬᠡ ᠰᠤᠳᠤᠷ︾ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ 1981 ᠤᠨ ᠤ ᠬᠡᠪ ᠤᠨ 2 | ᠳ᠋ᠤᠭᠠᠷ ᠳᠠᠯ᠎ᠠ | ② ᠸ᠊᠂ ᠢᠨᠵᠠᠨᠨᠠᠰᠢ ᠶᠢᠨ ︽ᠤᠭ ᠢᠵᠠᠭᠤᠷ ᠢᠶᠠᠨ ᠮᠠᠷᠳᠠᠵᠤ ᠪᠤᠯᠬᠤ ᠦᠬᠡᠢ︾ | ᠵᠤᠬᠢᠶᠠᠯ ᠤᠨ ᠦᠬᠡ | ③ ᠸ᠊᠂ ᠢᠨᠵᠠᠨᠨᠠᠰᠢ ᠶᠢᠨ ︽ᠶᠡᠭᠡ ᠶᠤᠸᠠᠨ ᠤᠯᠤᠰ ᠤᠨ ᠮᠠᠨᠳᠤᠭᠰᠠᠨ ᠳᠦᠷᠦ ᠶᠢᠨ | ᠬᠦᠬᠡ ᠰᠤᠳᠤᠷ︾ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ 1981 ᠤᠨ ᠤ ᠬᠡᠪ | ᠳᠤᠪᠴᠢᠳᠤ ᠳᠤᠯᠳᠤ | ④ ᠸ᠊᠂ ᠢᠨᠵᠠᠨᠨᠠᠰᠢ ᠶᠢᠨ ︽ᠶᠡᠭᠡ ᠶᠤᠸᠠᠨ ᠤᠯᠤᠰ ᠤᠨ ᠮᠠᠨᠳᠤᠭᠰᠠᠨ ᠳᠦᠷᠦ ᠶᠢᠨ | ᠬᠦᠬᠡ ᠰᠤᠳᠤᠷ︾ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ 1981 ᠤᠨ ᠤ ᠬᠡᠪ ᠤᠨ | 137 ᠳᠠᠯ᠎ᠠ ᠳᠤ | ⑤ ᠰᠤᠳᠨᠠᠮ ᠨᠠᠷ ᠤᠨ ᠨᠠᠶᠢᠷᠠᠭᠤᠯᠤᠭᠰᠠᠨ ︽ᠮᠤᠩᠭᠤᠯ ᠴᠡᠬᠡᠷ ᠤᠨ ᠴᠢᠭᠤᠯᠭᠠᠨ︾ | ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ 2006 ᠤᠨ ᠤ ᠬᠡᠪ ᠤᠨ 171 ᠳ᠋ᠤᠬᠡᠷ ᠳᠠᠯ᠎ᠠ | ⑥ ᠭ᠊᠂ ᠠᠺᠢᠮ ᠤᠨ ︽ᠴᠢᠩᠬᠢᠰ ᠤᠨ ᠤᠶᠤᠨ ᠪᠢᠯᠢᠭ ᠤᠨ ᠰᠤᠷᠭᠠᠯ ᠤᠷᠤᠰᠢᠪᠠᠢ︾ | ᠠᠯᠤᠰ ᠤᠨ ᠪᠠᠷ᠎ᠠ ᠬᠡᠪᠯᠡᠯ ᠤᠨ ᠬᠤᠷᠢᠶ᠎ᠠ 2005 ᠤᠨ ᠤ ᠬᠡᠪᠯᠡᠯ 137 ᠳ᠋ᠤᠭᠠᠷ ᠳᠠᠯ᠎ᠠ | ⑦ ᠭ᠊᠂ ᠠᠺᠢᠮ ᠤᠨ ︽ᠴᠢᠩᠬᠢᠰ ᠤᠨ ᠤᠶᠤᠨ ᠪᠢᠯᠢᠭ ᠤᠨ ᠰᠤᠷᠭᠠᠯ ᠤᠷᠤᠰᠢᠪᠠᠢ︾ | ᠠᠯᠤᠰ ᠤᠨ ᠪᠠᠷ᠎ᠠ ᠬᠡᠪᠯᠡᠯ ᠤᠨ ᠬᠤᠷᠢᠶ᠎ᠠ 2005 ᠤᠨ ᠤ ᠬᠡᠪᠯᠡᠯ 136 ᠳ᠋ᠤᠭᠠᠷ ᠳᠠᠯ᠎ᠠ |