ᠨᠡᠭᠦᠳᠠᠯ ᠢᠶᠠᠷ ᠰᠣᠶᠣᠯ ᠢᠶᠠᠨ ᠬᠡᠯᠬᠢᠳᠡᠭ ᠲᠠᠷᠬᠠᠨ ᠭᠤᠯᠣᠮᠳᠠ ᠨᠣᠳᠤᠭ ᠢᠶᠠᠷ ᠠᠯᠳᠠᠷ ᠢᠶᠠᠨ ᠬᠡᠯᠬᠢᠳᠡᠭ ᠰᠤᠶᠤᠯ ᠶᠢᠨ ᠦᠯᠦᠭᠡᠢ
ᠨᠡᠶᠢᠲᠡᠯᠡᠭᠰᠡᠨ ᠴᠠᠭ᠄
2009/12/4
                    — ᠬᠡᠰᠢᠭᠳᠡᠨ ᠬᠤᠰᠢᠭᠤᠨ ᠤ ᠪᠢᠷᠠᠭᠤ ᠎ ᠳᠠᠬᠢ ᠮᠤᠩᠭᠤᠯ ᠦᠨᠳᠦᠰᠦᠳᠠᠨ ᠤ                         ᠲᠤᠮᠳᠠᠳᠤ ᠰᠤᠷᠭᠠᠭᠤᠯᠢ ᠎ ᠶᠢ ᠲᠡᠮᠳᠡᠭᠯᠡᠬᠦ ᠨᠢ
      ᠲᠡᠯᠡᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠪᠣᠯᠣᠭᠰᠠᠨ ᠭᠡᠰᠢᠭᠳᠡᠨ ᠨᠤᠳᠤᠭ ᠤᠨ ᠲᠣᠷᠭᠠᠨ ᠦᠷᠦᠴᠡᠨ ᠳᠠᠬᠢ ᠤᠭᠠᠯᠵᠠᠯᠠᠨ ᠤᠷᠤᠰᠬᠤ ᠪᠢᠷᠠᠭᠤ ᠭᠤᠤᠯ ᠤᠨ ᠵᠦᠭᠡᠯᠡᠨ ᠲᠡᠨᠵᠢᠨ ᠳᠤ ᠂ ᠡᠵᠢ ᠶᠢᠨ ᠬᠠᠯᠠᠭᠤᠨ ᠡᠯᠢᠭᠡ ᠂ ᠡᠴᠢᠭᠡ ᠶᠢᠨ ᠲᠡᠨᠢᠭᠦᠨ ᠰᠦᠷ ᠢᠶᠠᠷ ᠦᠶ᠎ᠠ ᠦᠶ᠎ᠠ ᠶᠢᠨ ᠰᠣᠷᠣᠭᠴᠢᠳ ᠢ ᠡᠬᠡ ᠬᠡᠯᠡᠨ ᠤ ᠲᠠᠩᠰᠤᠭ ᠲᠠᠯᠠᠢ ᠎ ᠳᠤ ᠱᠣᠮᠪᠠᠭᠤᠯᠵᠦ ᠡᠷᠳᠡᠮ ᠰᠣᠶᠣᠯ ᠤᠨ ᠠᠷᠢᠭᠤᠨ ᠲᠦᠷᠦᠭᠡᠨ ᠳᠤ ᠬᠦᠷᠭᠡᠭᠰᠠᠨ ᠪᠢᠷᠠᠭᠤ ᠳᠠᠬᠢ ᠮᠤᠩᠭᠤᠯ ᠦᠨᠳᠦᠰᠦᠳᠠᠨ ᠤ ᠲᠤᠮᠳᠠᠳᠤ ᠰᠤᠷᠭᠠᠭᠤᠯᠢ ᠨᠢ ᠬᠡᠰᠢᠭᠳᠡᠨ ᠬᠤᠰᠢᠭᠤᠨ ᠤ ᠴᠤᠷ ᠤᠨ ᠭᠠᠭᠴᠠ ᠮᠤᠩᠭᠤᠯ ᠂ ᠬᠢᠳᠠᠥᠨ ᠂ ᠠᠩᠭ᠍ᠯᠢ ᠬᠡᠯᠡ ᠪᠠᠷ ᠬᠢᠴᠢᠶᠡᠯᠯᠡᠬᠦ ᠦᠨᠳᠦᠰᠦᠳᠡᠨ ᠤ ᠪᠦᠷᠢᠨ ᠲᠤᠮᠳᠠᠳᠤ ᠰᠤᠷᠭᠠᠭᠤᠯᠢ ᠪᠤᠯᠬᠤ ᠶᠤᠮ ᠃       1958 ᠣᠨ ᠤ 9 ᠰᠠᠷ᠎ᠠ ᠶᠢᠨ 13᠎ ᠤ ᠡᠳᠦᠷ ᠪᠣᠯ ᠬᠡᠰᠢᠭᠳᠡᠨ ᠬᠤᠰᠢᠭᠤᠨ ᠤ ᠪᠢᠷᠠᠭᠤ ᠎ ᠳᠠᠬᠢ ᠮᠤᠩᠭᠤᠯ ᠦᠨᠳᠦᠰᠦᠳᠠᠨ ᠤ ᠲᠤᠮᠳᠠᠳᠤ ᠰᠤᠷᠭᠠᠭᠤᠯᠢ ︽ᠪᠢᠷᠠᠭᠤ ᠳᠠᠬᠢ ᠬᠤᠶᠠᠳᠣᠭᠠᠷ ᠲᠣᠮᠳᠠᠳᠣ ᠰᠣᠷᠭᠠᠭᠤᠯᠢ ︾ ᠭᠡᠰᠡᠨ ᠠᠩᠬᠠᠨ ᠤ ᠨᠡᠷ᠎ᠡ ᠶᠢ ᠬᠦᠷᠳᠡᠵᠦ ᠂ ᠨᠡᠷ᠎ᠠ ᠪᠠᠨ ᠡᠷᠭᠦᠵᠦ ᠲᠤᠭ ᠢᠶᠠᠨ ᠪᠣᠰᠬᠠᠭᠰᠠᠨ ᠦᠯᠵᠠᠶᠢᠳᠦ ᠡᠳᠦᠷ ᠪᠤᠯᠤᠨ᠎ᠠ ᠃ ᠲᠡᠭᠡᠭᠡᠳ ᠬᠡᠰᠢᠭᠳᠡᠨ ᠨᠣᠳᠤᠭ ᠤᠨ ᠮᠣᠩᠭᠤᠯ ᠰᠣᠶᠣᠯ ᠤᠨ ᠲᠡᠦᠬᠡᠨ᠎ᠠ ᠰᠢᠨ᠎ᠠ ᠨᠢᠭᠡᠨ ᠬᠠᠭᠤᠳᠠᠰᠦ ᠰᠡᠭᠦᠭᠳᠡᠵᠦ ᠂ ᠪᠠᠷᠠᠭᠤᠨ ᠠᠷᠦ ᠂ ᠵᠡᠬᠦᠨ ᠠᠷᠦ ᠨᠣᠳᠤᠭ ᠤᠨ ᠪᠦᠷᠢᠨ ᠪᠠᠭ᠎ᠠ ᠰᠣᠷᠭᠠᠭᠤᠯᠢ ᠠᠴᠠ ᠲᠡᠭᠦᠰᠦᠭᠰᠠᠨ 44 ᠰᠣᠷᠣᠭᠴᠢ ᠶᠢ ᠠᠩᠬ᠎ᠠ ᠵᠡᠷᠭᠡ ᠶᠢᠨ ᠲᠣᠮᠳᠠᠳᠣ ᠰᠣᠷᠭᠠᠭᠤᠯᠢ ᠶᠢᠨ ᠨᠢᠭᠡ ᠠᠩᠬᠢ ᠪᠣᠯᠭᠠᠵᠦ ᠂ ᠮᠣᠩᠭᠤᠯ ᠬᠡᠯᠡ ᠪᠠᠷ ᠎ ᠢᠶᠠᠨ ᠮᠣᠩᠭᠤᠯ ᠰᠣᠶᠣᠯ ᠤᠨ ᠲᠣᠯᠭ᠎ᠠ ᠶᠢᠨ ᠭᠠᠯ ᠢᠶᠠᠨ ᠨᠣᠴᠣᠭᠠᠭᠰᠠᠨ ᠶᠤᠮ ᠃        1961 ᠣᠨ ᠪᠣᠯᠬᠤ ᠳᠤ ᠪᠢᠷᠠᠭᠤ ᠳᠠᠬᠢ ᠬᠤᠶᠠᠳᠣᠭᠠᠷ ᠲᠣᠮᠳᠠᠳᠣ ᠰᠣᠷᠭᠠᠭᠤᠯᠢ ᠶᠢᠨ ᠨᠠᠮ ᠵᠠᠰᠠᠭ ᠂ ᠬᠢᠴᠢᠶᠡᠯ ᠬᠦᠮᠦᠵᠢᠯ ᠂ ᠶᠡᠷᠦᠩᠬᠡᠢ ᠶᠠᠪᠣᠳᠠᠯ ᠤᠨ ᠭᠠᠵᠠᠷ ᠤᠨ ᠣᠳᠣᠷᠢᠳᠣᠯᠭ᠎ᠠ ᠪᠦᠷᠢᠳᠴᠦ ᠂ ᠠᠵᠢᠯᠳᠠᠨ ᠤ ᠡᠪᠯᠡᠯ ᠂ ᠵᠠᠯᠠᠭᠤᠴᠣᠳ ᠤᠨ ᠡᠪᠯᠡᠯ ᠂ ᠪᠠᠭᠠᠴᠣᠳ ᠤᠨ ᠬᠤᠰᠢᠭᠤᠴᠢ ᠠᠩᠬᠢ ᠂ ᠰᠣᠷᠣᠭᠴᠢ ᠶᠢᠨ ᠵᠦᠪᠯᠡᠯ ᠵᠡᠷᠭᠡ ᠣᠯᠠᠨ ᠲᠦᠮᠡᠨᠴᠢ ᠵᠣᠬᠢᠶᠠᠨ ᠪᠠᠶᠢᠭᠤᠯᠣᠯᠳᠠ ᠪᠦᠷᠢᠳᠦᠭᠰᠠᠨ ᠮᠦᠷᠳᠡᠭᠡᠨ ᠠᠩᠬᠠᠳᠣᠭᠠᠷ ᠬᠤᠭᠤᠴᠠᠭᠠᠨ ᠤ ᠰᠣᠷᠣᠭᠴᠢᠳ ᠢᠶᠠᠨ ᠲᠡᠬᠦᠰᠭᠡᠭᠰᠡᠨ ᠠᠴᠠ ᠦᠨᠦᠳᠦᠷ ᠪᠣᠯᠬᠤ ᠳᠤ ᠠᠩᠬ᠎ᠠ ᠲᠣᠮᠳᠠᠳᠣ ᠠᠴᠠ 3188 ᠰᠣᠷᠣᠭᠴᠢ ᠂ ᠲᠡᠭᠡᠳᠦ ᠲᠣᠮᠳᠠᠳᠣ ᠠᠴᠠ 2963 ᠰᠣᠷᠣᠭᠴᠢ ᠲᠡᠭᠦᠰᠴᠦ ᠂ ᠮᠣᠩᠭᠤᠯ ᠰᠣᠶᠣᠯ ᠤᠨ ᠶᠡᠭᠡ ᠲᠠᠯᠠᠢ ᠳᠤ ᠮᠦᠷᠦ ᠮᠦᠷᠦᠨ ᠤ ᠪᠠᠨ ᠬᠦᠴᠦ ᠶᠢ ᠡᠷᠭᠦᠵᠦ ᠶᠠᠪᠣᠨ᠎ᠠ ᠃        ︽ᠰᠣᠶᠣᠯ ᠤᠨ ᠶᠡᠭᠡ ᠬᠤᠪᠢᠰᠬᠠᠯ︾᠎ ᠤᠨ ᠣᠯᠠᠭᠠᠨ ᠰᠢᠭᠤᠷᠭᠠᠨ ᠳᠤ ᠪᠢᠷᠠᠭᠤ ᠳᠠᠬᠢ ᠬᠤᠶᠠᠳᠣᠭᠠᠷ ᠲᠣᠮᠳᠠᠳᠣ ᠰᠣᠷᠭᠠᠭᠤᠯᠢ ᠬᠡᠮᠬᠡ ᠴᠣᠬᠢᠭᠳᠠᠵᠦ ᠬᠡᠳᠦᠨ ᠵᠢᠯ ᠲᠠᠮᠫᠣᠷᠠᠭᠰᠠᠨ ᠢᠶᠠᠨ 1971 ᠣᠨ ᠤ ᠨᠠᠮᠦᠷ ᠤᠨ ᠰᠡᠭᠦᠯᠴᠢ ᠪᠠᠷ ︽ᠰᠣᠷᠭᠠᠭᠤᠯᠢ ᠪᠠᠨ ᠮᠠᠯᠴᠢᠨ ᠲᠦᠮᠡᠨ ᠤ ᠡᠭᠦᠳᠠᠨ ᠳᠤ ᠨᠢ ᠪᠠᠶᠢᠭᠤᠯᠬᠤ︾ ᠭᠡᠰᠡᠨ ᠨᠡᠷ᠎ᠡ ᠪᠠᠷ ᠪᠢᠷᠠᠭᠤ ᠳᠠᠬᠢ ᠬᠤᠶᠠᠳᠣᠭᠠᠷ ᠲᠣᠮᠳᠠᠳᠣ ᠰᠣᠷᠭᠠᠭᠤᠯᠢ ᠶᠢ ᠬᠡᠰᠢᠭᠳᠡᠨ ᠬᠤᠰᠢᠭᠤᠨ ᠤ ᠣᠯᠣᠰ ᠲᠦᠷᠦ ᠂ ᠠᠵᠦ ᠠᠬᠤᠢ ᠂ ᠰᠣᠶᠣᠯ ᠤᠨ ᠲᠦᠪ ᠪᠣᠯᠬᠤ ᠪᠢᠷᠠᠭᠤ ᠪᠠᠯᠭᠠᠰᠣᠨ ᠠᠴᠠ ᠰᠢᠯᠵᠢᠭᠦᠯᠦᠨ ᠲᠠᠯᠠᠶᠢᠨᠠᠭᠤᠷ ᠨᠢᠭᠡᠳᠦᠯ ᠳᠤ ᠨᠡᠭᠦᠯᠭᠡᠭᠡᠳ 1972 ᠣᠨ ᠳᠤ ︽ᠬᠡᠰᠢᠭᠳᠡᠨ ᠬᠤᠰᠢᠭᠤᠨ ᠤ ᠲᠠᠯᠠᠶᠢᠨᠠᠭᠤᠷ ᠲᠠᠬᠢ ᠬᠤᠶᠠᠳᠣᠭᠠᠷ ᠲᠣᠮᠳᠠᠳᠣ ᠰᠣᠷᠭᠠᠭᠤᠯᠢ︾ ᠭᠡᠵᠦ ᠨᠡᠷᠡᠶᠢᠳᠪᠡ ᠃ 1976 ᠣᠨ ᠳᠤ ᠬᠦᠨᠳᠣ ᠰᠢᠷᠬᠠᠳᠣᠯ ᠳᠤ ᠣᠴᠠᠷᠠᠭᠰᠠᠨ ᠡᠯ᠎ᠠ ᠡᠳᠡᠭᠡᠳ ᠎ ᠤᠨ ᠣᠯᠠᠨ ᠲᠦᠮᠡᠨ ᠤ ᠬᠦᠯᠢᠶᠡᠰᠦ ᠲᠠᠷᠣᠭᠠᠰᠦ ᠲᠠᠶᠢᠯᠣᠭᠳᠠᠵᠦ ᠂ ᠰᠡᠳᠬᠢᠯ ᠰᠠᠨᠠᠭ᠎ᠠ ᠨᠢ ᠴᠢᠯᠦᠭᠡᠯᠡᠭᠳᠠᠨ ᠂ ᠪᠦᠬᠦ ᠲᠠᠯ᠎ᠠ ᠶᠢᠨ ᠠᠵᠢᠯ ᠡᠷᠭᠢᠯᠳᠠ ᠭᠠᠷᠬᠤ ᠶᠢ ᠲᠠᠭᠠᠯᠳᠣᠨ ᠨᠡᠭᠦᠵᠦ ᠪᠠᠭᠤᠬᠤ ᠳᠤ ᠪᠠᠨ ᠭᠠᠷᠮᠠᠭᠠᠢ ᠨᠡᠭᠦᠳᠡᠯᠴᠢᠨ ᠮᠣᠩᠭᠤᠯ ᠲᠣᠮᠳᠠᠳᠣ ᠰᠣᠷᠭᠠᠭᠤᠯᠢ ᠶᠢ ᠲᠠᠬᠢᠭᠠᠳ ᠬᠤᠰᠢᠭᠤᠨ ᠲᠦᠪ — ᠪᠢᠷᠠᠭᠤ ᠪᠠᠯᠭᠠᠰᠣᠨ ᠳᠤ ᠨᠡᠭᠦᠯᠭᠡᠵᠦ ︽ᠬᠡᠰᠢᠭᠳᠡᠨ ᠬᠤᠰᠢᠭᠤᠨ ᠤ ᠪᠢᠷᠠᠭᠤ ᠳᠠᠬᠢ ᠦᠨᠳᠦᠰᠦᠳᠠᠨ ᠤ ᠲᠣᠮᠳᠠᠳᠣ ᠰᠣᠷᠭᠠᠭᠤᠯᠢ︾ ᠭᠡᠰᠡᠨ ᠨᠡᠷ᠎ᠠ ᠪᠠᠷ ᠰᠢᠨ᠎ᠠ ᠨᠣᠳᠤᠭ ᠲᠤ ᠎ ᠪᠠᠨ ᠲᠣᠯᠭ᠎ᠠ ᠲᠣᠯᠵᠦ ᠂ ᠭᠤᠯᠣᠮᠳᠠ ᠨᠣᠴᠣᠭᠠᠭᠰᠠᠨ ᠶᠤᠮ ᠃ 1978 ᠣᠨ ᠳᠤ ᠨᠡᠷ᠎ᠠ ᠪᠠᠨ ᠲᠠᠬᠢᠨ ᠦᠭᠡᠷᠡᠴᠢᠯᠡᠭᠦᠯᠦᠨ ︽ᠬᠡᠰᠢᠭᠳᠡᠨ ᠬᠤᠰᠢᠭᠤᠨ ᠤ ᠪᠢᠷᠠᠭᠤ ᠳᠠᠬᠢ ᠮᠣᠩᠭᠤᠯ ᠦᠨᠳᠦᠰᠦᠳᠠᠨ ᠤ ᠲᠣᠮᠳᠠᠳᠣ ᠰᠣᠷᠭᠠᠭᠤᠯᠢ︾ ᠭᠡᠰᠡᠨ ᠠᠴᠠ ᠨᠣᠳᠤᠭ ᠪᠡ ᠨᠡᠷ᠎ᠠ ᠨᠢ ᠲᠤᠭᠳᠠᠪᠤᠷᠢᠵᠢᠵᠤ ᠂ ᠪᠣᠰᠤᠭ᠎ᠠ ᠮᠣᠩᠭᠤᠯ ᠬᠡᠯᠡ ᠪᠠᠷ ᠢᠶᠠᠨ ᠰᠤᠶᠤᠯ ᠤᠨ ᠤᠴᠤᠭ ᠤᠨ ᠭᠤᠷᠪᠠᠨ ᠴᠢᠯᠠᠭᠤᠨ ᠳᠤ ᠪᠠᠨ ᠲᠣᠯᠭ᠎ᠠ ᠶᠢᠨ ᠭᠠᠯ ᠢᠶᠠᠨ ᠬᠦᠭᠵᠢᠬᠡᠬᠡᠳ ᠦᠨᠦᠳᠦᠷ ᠪᠣᠯᠳᠠᠯ᠎ᠠ ᠦᠭᠡᠳᠠ ᠶᠢᠨ ᠬᠡᠰᠢᠭ ᠲᠠᠢ ᠦᠷᠨᠢᠬᠦᠨ ᠲᠡᠨᠢᠬᠦᠨ ᠶᠠᠪᠣᠵᠦ ᠪᠠᠶᠢᠨ᠎ᠠ ᠃ 
       ᠲᠠᠪᠢᠨ ᠵᠢᠯ ᠭᠡᠵᠦ ᠲᠡᠣᠬᠡ ᠶᠢᠨ ᠣᠷᠳᠣ ᠠᠶᠠᠨ ᠳᠤ ᠮᠠᠰᠢ ᠣᠬᠤᠷᠬᠠᠨ ᠬᠤᠭᠤᠴᠠᠭ᠎ᠠ ᠂ ᠭᠡᠪᠡᠴᠦ ᠪᠢᠷᠠᠭᠤ ᠳᠠᠬᠢ ᠮᠣᠩᠭᠤᠯ ᠦᠨᠳᠣᠰᠦᠳᠠᠨ ᠤ ᠲᠣᠮᠳᠠᠳᠣ ᠰᠣᠷᠭᠠᠭᠤᠯᠢ ᠶᠢ ᠪᠦᠳᠦᠷᠢᠭᠦᠯᠵᠦ ᠪᠦᠮᠪᠦᠷᠢᠭᠦᠯᠵᠦ ᠂ ᠬᠦᠭᠵᠢᠭᠦᠯᠵᠦ ᠪᠠᠳᠠᠷᠠᠭᠤᠯᠵᠦ ᠢᠷᠡᠭᠰᠠᠨ ᠣᠷᠳᠣ ᠠᠶᠠᠨ︕ ᠡᠨᠡ ᠬᠦ ᠠᠶᠠᠨ ᠳᠤ ᠡᠭᠡ ᠰᠤᠷᠭᠠᠭᠤᠯᠢ ᠶᠢᠨ ᠢᠶᠠᠨ ᠲᠤᠯᠭ᠎ᠠ ᠶᠢᠨ ᠭᠠᠯ ᠳᠤ ᠴᠦᠪᠳᠦᠯ ᠨᠡᠮᠡᠭᠰᠨᠨ ᠦᠶ᠎ᠡ ᠦᠶ᠎ᠡ ᠶᠢᠨ ᠪᠠᠭᠰᠢ ᠨᠠᠷ ᠤᠨ ᠬᠦᠴᠦ ᠬᠦᠯᠦᠰᠦ ᠪᠢᠴᠢᠭᠳᠡᠨ᠎ᠠ ᠂ ᠡᠵᠢ ᠰᠤᠷᠭᠠᠭᠤᠯᠢ ᠶᠢᠨ ᠢᠶᠠᠨ ᠴᠡᠴᠡᠭ ᠤᠨ ᠬᠦᠷᠢᠶᠡᠯᠡᠩ ᠳᠤ ᠵᠦᠢᠯ ᠤᠨ ᠦᠩᠭᠡ ᠪᠠᠷ ᠲᠡᠯᠭᠡᠷᠡᠭᠰᠠᠨ ᠤᠯᠠᠨ ᠰᠠᠶᠢᠬᠠᠨ ᠰᠤᠷᠤᠭᠴᠢᠥᠨ ᠤᠨ ᠮᠢᠨᠢ ᠣᠯᠠ ᠮᠦᠷ ᠵᠢᠷᠣᠭᠳᠠᠨ᠎ᠠ ᠂ ᠨᠡᠭᠦᠳᠠᠯ ᠪᠠᠭᠤᠳᠠᠯ ᠳᠤ ᠬᠠᠯᠠᠭᠤᠨ ᠭᠠᠷ ᠢᠶᠠᠨ ᠰᠣᠩᠭᠠᠵᠦ ᠬᠠᠯᠠᠮᠵᠢ ᠲᠡᠮᠵᠢᠯᠭᠡ ᠦᠵᠡᠭᠦᠯᠦᠭᠰᠠᠨ ᠦᠶ᠎ᠡ ᠦᠶ᠎ᠡ ᠶᠢᠨ ᠤᠳᠤᠷᠢᠳᠤᠯᠭ᠎ᠠ ᠨᠠᠷ ᠤᠨ ᠬᠠᠶᠢᠷ᠎ᠠ ᠬᠠᠯᠠᠮᠵᠢ ᠲᠣᠳᠣᠷᠠᠨ᠎ᠠ ᠂ ᠨᠣᠳᠤᠭ ᠢᠶᠠᠨ ᠂ ᠰᠣᠶᠣᠯ ᠢᠶᠠᠨ ᠂ ᠦᠷ᠎ᠠ ᠬᠤᠶᠢᠴᠢᠰ ᠢᠶᠠᠨ ᠭᠡᠰᠡᠨ ᠭᠡᠷ ᠤᠨ ᠠᠬᠠᠮᠠᠥᠨ ᠂ ᠨᠡᠶᠢᠳᠠ ᠲᠦᠮᠡᠨ ᠤ ᠮᠢᠨᠢ ᠢᠳᠡᠭᠡᠯ ᠬᠦᠰᠡᠯ ᠦᠵᠡᠭᠳᠠᠨ᠎ᠠ︕ ᠲᠠᠪᠢᠨ ᠵᠢᠯ ᠤᠨ ᠬᠦᠭᠵᠢᠯ ᠬᠤᠪᠢᠷᠠᠯ ᠢ ᠡᠪᠬᠡᠵᠤ ᠦᠵᠡᠪᠡᠯ ᠦᠨᠦᠳᠦᠷ ᠤᠨ ᠪᠢᠷᠠᠭᠤ ᠳᠠᠬᠢ ᠮᠣᠩᠭᠤᠯ ᠦᠨᠳᠣᠰᠣᠳᠠᠨ ᠤ ᠲᠣᠮᠳᠠᠳᠣ ᠰᠣᠷᠭᠠᠭᠤᠯᠢ ᠶᠤᠰᠤᠳᠠᠢ ᠴᠤ᠋ ᠰᠢᠨ᠎ᠡ ᠲᠦᠷᠬᠦ ᠎ ᠪᠠᠷ ᠦᠨᠳᠦᠰᠦᠳᠡᠨ ᠤ ᠰᠤᠷᠭᠠᠨ ᠬᠦᠮᠦᠵᠢᠯ ᠤᠨ ᠬᠦᠷᠢᠶᠡᠨ ᠳᠤ ᠨᠢᠬᠡ ᠪᠤᠳᠠ ᠰᠤᠷᠭᠤᠭ ᠴᠡᠴᠡᠭ ᠪᠤᠯᠤᠨ ᠲᠡᠯᠭᠡᠷᠡᠵᠦ ᠂ ᠢᠳᠡᠭᠡᠯ ᠬᠠᠨᠳᠢᠪᠯᠠᠵᠦ ᠬᠦᠰᠡᠯ ᠡᠪᠦᠷᠯᠡᠭᠰᠠᠨ ᠮᠤᠩᠭᠤᠯ ᠭᠡᠥᠭᠡᠥᠨ ᠤᠳ ᠲᠤ ᠬᠢᠰᠬᠢᠪᠡᠯ ᠲᠦᠷᠦᠭᠡ ᠪᠣᠯᠬᠤ ᠲᠠᠳᠠᠪᠠᠯ ᠵᠢᠯᠣᠭᠤ ᠪᠣᠯᠬᠤ ᠰᠣᠶᠣᠯ ᠤᠨ ᠰᠣᠳᠣᠨ ᠦᠯᠦᠭᠡᠢ ᠪᠣᠯᠵᠦ ᠬᠦᠭᠵᠢᠵᠠᠢ ᠃        ᠨᠠᠷᠠᠨ ᠰᠠᠷᠠᠨ ᠡᠷᠬᠢᠵᠦ ᠪᠤᠴᠠᠬᠤ ᠴᠠᠭ ᠲᠤ ᠮᠣᠩᠭᠤᠯ ᠰᠣᠶᠣᠯ ᠤᠨ ᠢᠶᠠᠨ ᠬᠡᠶᠢᠮᠦᠷᠢ ᠶᠢᠨ ᠲᠠᠷᠴᠤᠭ ᠪᠤᠯᠵᠤ ᠂ ᠨᠠᠷᠬᠢᠶᠠᠨ ᠱᠤᠤᠬᠢᠶᠠᠨ ᠲᠠᠢ ᠨᠡᠶᠢᠭᠡᠮ ᠤᠨ ᠶᠡᠭᠡ ᠦᠷᠢᠰᠦᠯᠳᠦᠬᠡᠨ ᠳᠤ ᠮᠣᠩᠭᠤᠯ ᠣᠭᠰᠠᠭᠠᠳᠠᠨ ᠎ ᠤ ᠪᠠᠨ ᠬᠦᠰᠡᠯ ᠤᠨ ᠵᠢᠭᠦᠷ ᠨᠢ ᠪᠣᠯᠵᠦ ᠶᠠᠪᠣᠬᠤ ᠶᠣᠰᠣᠳᠠᠢ ᠨᠡᠭᠦᠳᠡᠯᠴᠢᠨ ᠮᠣᠩᠭᠤᠯ ᠰᠣᠶᠣᠯ ᠤᠨ ᠦᠯᠦᠭᠡᠢ — ᠪᠢᠷᠠᠭᠤ ᠳᠠᠬᠢ ᠮᠣᠩᠭᠤᠯ ᠲᠣᠮᠳᠠᠳᠣ ᠰᠣᠷᠭᠠᠭᠤᠯᠢ ᠶᠢᠨ ᠰᠠᠭᠤᠵᠦ ᠪᠠᠶᠢᠷᠢᠰᠢᠭᠰᠠᠨ ᠨᠣᠳᠤᠭ ᠤᠳᠤ ᠪᠤᠯᠬᠤ ᠳᠤ 27080 m2 ᠲᠠᠯᠠᠪᠠᠢ ᠲᠠᠢ ᠪᠠᠶᠢᠵᠤ ᠂ ᠭᠡᠷ ᠪᠠᠷᠢᠯᠭ᠎ᠠ ᠶᠢᠨ ᠶᠡᠷᠦᠩᠭᠡᠢ ᠲᠠᠯᠠᠪᠠᠢ 13965 m2᠎ ᠲᠤ ᠬᠦᠷᠴᠠᠢ ᠃ ᠡᠭᠦᠨ ᠳᠤ ᠲᠡᠭᠡᠳᠤ ᠲᠤᠮᠳᠠᠳᠤ ᠶᠢᠨ ᠬᠢᠴᠢᠶᠡᠯᠯᠡᠬᠦ ᠠᠰᠠᠷ ᠪᠠ ᠠᠯᠪᠠᠨ ᠭᠡᠷ ᠤᠨ ᠲᠠᠯᠠᠪᠠᠢ 1730 m2᠎ ᠂ ᠠᠩᠬ᠎ᠠ ᠲᠤᠮᠳᠠᠳᠤ ᠶᠢᠨ ᠬᠢᠴᠢᠶᠡᠯᠯᠡᠭᠦ ᠠᠰᠠᠷ ᠪᠤᠯᠤᠨ ᠠᠯᠪᠠᠨ ᠬᠡᠷ ᠤᠨ ᠲᠠᠯᠠᠪᠠᠢ 2230 m2᠎ ᠂ ᠡᠷᠡᠭᠳᠠᠢ ᠰᠤᠷᠤᠭᠴᠢ ᠶᠢᠨ ᠪᠠᠶᠢᠷᠢ ᠪᠠ ᠠᠷᠤ ᠦᠢᠯᠡᠴᠢᠯᠡᠭᠡᠨ ᠤ ᠠᠯᠪᠠᠨ ᠭᠡᠷ ᠤᠨ ᠲᠠᠯᠠᠪᠠᠢ 1330 m2᠎ ᠂ ᠶᠡᠷᠦᠩᠬᠡᠶᠢᠯᠡᠭᠰᠡᠨ ᠠᠰᠠᠷ ︵ᠡᠮᠡᠭᠳᠠᠢ ᠰᠤᠷᠤᠭᠴᠢ ᠶᠢᠨ ᠪᠠᠶᠢᠷᠢ ᠂ ᠲᠤᠭᠤᠭᠠᠨ ᠭᠡᠷ ᠂ ᠬᠤᠭᠤᠯᠠᠨ ᠲᠠᠩᠬᠢᠮ ᠂ ᠱᠠᠳᠤᠯᠠᠭᠰᠠᠨ ᠬᠢᠴᠢᠶᠡᠯ ᠤᠨ ᠭᠡᠷ ᠵᠡᠷᠭᠡ︶᠎ ᠤᠨ ᠲᠠᠯᠠᠪᠠᠢ 2800 m2 ᠪᠠᠶᠢᠵᠦ ᠂ ᠲᠤᠷᠰᠢᠯᠳᠠ ᠶᠢᠨ ᠠᠰᠠᠷ ᠤᠨ ᠲᠠᠯᠠᠪᠠᠢ 3954 m2᠎ ᠂ ᠲᠠᠮᠢᠷ ᠎ ᠤᠨ ᠤᠷᠳᠤᠨ ᠤ ᠲᠠᠯᠠᠪᠠᠢ 1921 m2 ᠪᠠᠶᠢᠨ᠎ᠠ ᠃ 27 ᠵᠢᠭᠠᠨ ᠰᠤᠷᠭᠠᠬᠤ ᠠᠩᠬᠢ ᠲᠠᠢ ᠂ 1000 ᠭᠠᠷᠣᠢ ᠰᠤᠷᠤᠭᠴᠢ ᠲᠠᠢ ᠂ 123 ᠪᠠᠭᠰᠢ ᠠᠵᠢᠯᠳᠠᠨ ᠠᠵᠢᠯᠴᠢᠨ ᠲᠠᠢ ᠂ ᠵᠢᠭᠠᠨ ᠰᠤᠷᠭᠠᠬᠤ ᠪᠡᠯᠡᠳᠭᠡᠯ ᠲᠦᠬᠦᠭᠡᠷᠦᠮᠵᠢ ᠣᠳᠣᠬᠢᠴᠢᠯᠠᠨ ᠪᠦᠷᠢᠨᠵᠢᠭᠰᠡᠨ ᠂ ᠪᠠᠭᠰᠢ ᠶᠢᠨ ᠡᠩᠨᠡᠭᠡ ᠬᠢᠷᠢ ᠲᠡᠩᠴᠡᠨ ᠰᠢᠯᠢᠳᠡᠭᠵᠢᠭᠰᠡᠨ ᠂ ᠨᠦᠬᠦᠴᠡᠯ ᠪᠣᠯᠣᠯᠴᠠᠭ᠎ᠠ ᠲᠣᠬᠢᠵᠢᠨ ᠲᠡᠭᠦᠯᠳᠡᠷᠵᠢᠭᠰᠡᠨ ᠂ ᠬᠠᠮᠢᠶᠠᠷᠤᠯᠳᠠ ᠲᠦᠷᠢᠮᠵᠢᠨ ᠵᠢᠷᠣᠮᠵᠢᠭᠰᠠᠨ ᠰᠤᠷᠭᠠᠭᠤᠯᠢ ᠪᠣᠯᠵᠦ ᠲᠤᠭᠳᠠᠪᠤᠷᠢᠵᠢᠭᠰᠠᠨ ᠪᠠᠶᠢᠨ᠎ᠠ ᠃ ᠰᠢᠨ᠎ᠠ ᠵᠠᠭᠤᠨ ᠳᠤ ᠰᠢᠨ᠎ᠠ ᠲᠦᠷᠬᠦ ᠪᠠᠷ ᠱᠤᠭᠤᠭᠳᠠᠬᠤ ᠳᠠᠭᠠᠨ ᠂ ᠬᠦᠮᠦᠵᠢᠭᠦᠯᠬᠦ ᠎ ᠪᠠᠷ ᠭᠤᠤᠯ ᠪᠤᠯᠭᠠᠵᠤ ᠂ ᠪᠠᠭᠰᠢ ᠪᠠᠷ ᠭᠤᠤᠯ ᠪᠤᠯᠭᠠᠬᠤ ᠂ ᠵᠣᠷᠢᠭᠵᠢᠭᠤᠯᠬᠤ ᠪᠠᠷ ᠭᠤᠣᠯ ᠪᠣᠯᠭᠠᠬᠤ ᠂ ᠦᠷ᠎ᠡ ᠠᠰᠢᠭ ᠢᠶᠠᠷ ᠭᠤᠤᠯ ᠪᠤᠯᠭᠠᠬᠤ ᠵᠡᠷᠭᠡ ︽ᠲᠦᠷᠪᠡ ᠪᠠᠷ ᠭᠤᠤᠯ ᠪᠤᠯᠭᠠᠬᠤ︾ ᠦᠨᠳᠦᠰᠦᠨ ᠵᠠᠷᠴᠢᠮ ᠢ ᠴᠠᠭ ᠢᠮᠠᠭᠳᠠ ᠴᠢᠩᠭ᠎ᠠ ᠪᠠᠷᠢᠮᠳᠠᠯᠠᠵᠤ ᠂ ᠰᠤᠷᠭᠠᠭᠤᠯᠢ ᠡᠷᠬᠢᠯᠡᠬᠦ ᠭᠤᠤᠯ ᠴᠤᠭᠴᠠ — ᠤᠳᠤᠷᠢᠳᠬᠤ ᠪᠠᠭ ᠂ ᠵᠢᠭᠠᠨ ᠰᠤᠷᠭᠠᠬᠤ ᠭᠤᠤᠯ ᠴᠤᠭᠴᠠ — ᠪᠠᠭᠰᠢ ᠶᠢᠨ ᠡᠩᠨᠡᠭᠡ ᠂ ᠰᠤᠷᠤᠯᠴᠠᠯᠭ᠎ᠠ ᠶᠢᠨ ᠭᠤᠤᠯ ᠴᠤᠭᠴᠠ — ᠰᠤᠷᠤᠭᠴᠢ ᠶᠢᠨ ᠡᠩᠨᠡᠭᠡ ᠵᠡᠷᠭᠡ ︽ᠭᠤᠷᠪᠠᠨ ᠭᠤᠤᠯ ᠴᠤᠭᠴᠠ︾᠎ ᠶᠢᠨ ᠪᠦᠳᠦᠭᠡᠨ ᠪᠠᠶᠢᠭᠤᠯᠤᠯᠳᠠ ᠪᠠ ᠬᠠᠮᠢᠶᠠᠷᠤᠯᠳᠠ ᠶᠢ ᠦᠷᠭᠦᠯᠵᠢ ᠴᠢᠩᠭᠠᠳᠬᠠᠵᠤ ᠂ ᠵᠢᠭᠠᠨ ᠰᠤᠷᠭᠠᠬᠤ ᠤᠳᠠᠰᠤ ᠂ ᠮᠤᠷᠠᠯ ᠬᠦᠮᠦᠵᠢᠯ ᠤᠨ ᠤᠳᠠᠰᠤ ᠂ ᠲᠠᠮᠢᠷ ᠡᠷᠡᠭᠦᠯ ᠬᠠᠮᠠᠭᠠᠯᠠᠯ ᠠᠮᠤᠷ ᠲᠦᠪᠰᠢᠨ ᠤ ᠤᠳᠠᠰᠤ ᠂ ᠠᠷᠤ ᠦᠢᠯᠡᠴᠢᠯᠡᠭᠡᠨ ᠤ ᠤᠳᠠᠰᠤ ᠵᠡᠷᠭᠡ ︽ᠲᠦᠷᠪᠡᠨ ᠤᠳᠠᠰᠤ︾᠎ ᠶᠢᠨ ᠠᠵᠢᠯ ᠢ ᠡᠷᠴᠢᠮᠵᠢᠭᠦᠯᠵᠦ ᠂ ᠪᠢᠴᠢᠭ ᠵᠢᠭᠠᠵᠤ ᠬᠦᠮᠦᠨ ᠬᠦᠮᠦᠵᠢᠭᠦᠯᠬᠦ ᠂ ᠬᠠᠮᠢᠶᠠᠷᠤᠯᠳᠠ ᠪᠠᠷ ᠬᠦᠮᠦᠨ ᠬᠦᠮᠦᠵᠢᠭᠦᠯᠬᠦ ᠂ ᠤᠷᠴᠢᠨ ᠲᠤᠭᠤᠷᠢᠨ ᠢᠶᠠᠷ ᠬᠦᠮᠦᠨ ᠬᠦᠮᠦᠵᠢᠭᠦᠯᠬᠦ ᠂ ᠦᠢᠯᠡᠴᠢᠯᠡᠭᠡᠨ ᠢᠶᠠᠷ ᠬᠦᠮᠦᠨ ᠬᠦᠮᠦᠵᠢᠭᠦᠯᠬᠦ ᠂ ᠬᠦᠳᠡᠯᠭᠡᠭᠡᠨ ᠢᠶᠠᠷ ᠬᠦᠮᠦᠨ ᠬᠦᠮᠦᠵᠢᠭᠦᠯᠬᠦ ᠴᠢᠭᠯᠡᠯᠳᠡ ᠶᠢ ᠰᠤᠷᠳᠠᠯᠴᠢᠯᠠᠨ ᠂ ᠶᠠᠪᠤᠳᠠᠯ ᠪᠤᠯᠭᠠᠨ ᠳᠤ ᠬᠦᠮᠦᠵᠢᠯ ᠬᠦᠷᠳᠡᠭᠡᠬᠦ ᠂ ᠴᠠᠭ ᠪᠤᠯᠭᠠᠨ ᠳᠤ ᠬᠦᠮᠦᠵᠢᠯ ᠬᠦᠷᠳᠡᠭᠡᠬᠦ ᠂ ᠬᠦᠮᠦᠨ ᠪᠤᠯᠭᠠᠨ ᠬᠦᠮᠦᠵᠢᠯ ᠬᠦᠷᠳᠡᠭᠡᠬᠦ ᠂ ᠭᠠᠵᠠᠷ ᠪᠤᠯᠭᠠᠨ ᠳᠤ ᠬᠦᠮᠦᠵᠢᠯ ᠬᠦᠷᠳᠡᠬᠡᠬᠦ ᠶᠢ ᠴᠢᠩᠭ᠎ᠠ ᠱᠠᠭᠠᠷᠳᠠᠨ ᠬᠡᠷᠡᠭᠵᠢᠭᠦᠯᠵᠦ ᠪᠤᠢ ᠃ 
       ᠵᠢᠭᠠᠨ ᠰᠤᠷᠭᠠᠬᠤ ᠪᠡᠯᠡᠳᠬᠡᠯ ᠲᠦᠬᠦᠬᠡᠷᠦᠮᠵᠢ ᠶᠢᠨ ᠲᠠᠯ᠎ᠠ ᠪᠠᠷ ᠣᠳᠣᠬᠢᠴᠢᠯᠠᠭᠰᠠᠨ ᠵᠢᠭᠠᠨ ᠰᠤᠷᠭᠠᠯᠳᠠ ᠶᠢᠨ ᠱᠠᠭᠠᠷᠳᠠᠯᠭ᠎ᠠ ᠳᠤ ᠵᠤᠬᠢᠴᠠᠭᠰᠠᠨ ᠺᠤᠮᠫᠢᠦ᠋ᠲ᠋ᠧᠷ ᠤᠨ ᠲᠠᠰᠤᠭ ᠂ ᠬᠡᠯᠡ ᠠᠪᠢᠶᠠᠨ ᠤ ᠲᠠᠰᠤᠭ ᠂ ᠺᠤᠮᠫᠢᠦ᠋ᠲ᠋ᠧᠷ ᠢᠶᠠᠷ ᠬᠢᠴᠢᠶᠡᠯ ᠪᠡᠯᠡᠳᠬᠡᠭᠦ ᠲᠠᠰᠤᠭ ᠂ ᠬᠢᠮᠢ ᠂ ᠹᠢᠽᠢᠺ ᠂ ᠠᠮᠢᠳᠤ ᠪᠤᠳᠠᠰ ᠤᠨ ᠲᠤᠷᠰᠢᠯᠳᠠ ᠶᠢᠨ ᠲᠠᠰᠤᠭ ᠂ 26000 ᠭᠠᠷᠤᠢ ᠲᠡᠪᠳᠡᠷ ᠨᠤᠮ ᠤᠨ ᠬᠠᠳᠠᠭᠠᠯᠠᠮᠵᠢ ᠪᠦᠭᠦᠢ ᠨᠤᠮ ᠤᠨ ᠰᠠᠩ ᠪᠠ ᠤᠡᠭᠰᠢᠯᠭ᠎ᠠ ᠶᠢᠨ ᠲᠠᠰᠤᠭ ᠂ ᠪᠠᠷᠢᠮᠵᠢᠶᠠᠵᠢᠭᠰᠠᠨ ᠲᠠᠩᠰᠠ ᠡᠪᠬᠡᠮᠡᠯ ᠤᠨ ᠲᠠᠰᠤᠭ ᠲᠠᠢ ᠃ ᠡᠭᠦᠨ ᠠᠴᠠ ᠭᠠᠳᠠᠨ᠎ᠠ ᠲᠠᠭᠠᠭᠤᠯᠢ ᠤᠳᠤᠨ ᠎ ᠠᠴᠠ ᠭᠦᠯᠢᠶᠡᠨ ᠠᠪᠬᠤ ᠰᠤᠷᠭᠠᠭᠤᠯᠢ ᠶᠢᠨ ᠭᠦᠷᠢᠶᠡᠨ ᠤ ᠦᠷᠳᠡᠭᠡ ᠲᠠᠢ ᠪᠦᠭᠡᠳ ᠰᠤᠷᠭᠠᠭᠤᠯᠢ ᠶᠢᠨ ᠭᠦᠷᠢᠶᠡᠨ ᠤ ᠲᠤᠤᠷ ᠰᠦᠯᠵᠢᠶ᠎ᠡ ᠬᠢᠭᠡᠳ ᠰᠤᠷᠭᠠᠭᠤᠯᠢ ᠶᠢᠨ ᠲᠤᠤᠷ ᠰᠦᠯᠵᠢᠶ᠎ᠡ ᠶᠢ ᠪᠠᠶᠢᠭᠤᠯᠵᠠᠢ ᠃        ᠤᠷᠴᠢᠮ ᠤᠨ ᠵᠢᠯ ᠠᠴᠠ ᠵᠢᠭᠠᠨ ᠰᠤᠷᠭᠠᠯᠳᠠ ᠶᠢᠨ ᠲᠤᠤᠷ ᠰᠦᠯᠵᠢᠶ᠎ᠡ ᠶᠢᠨ ᠢᠨᠵᠧᠨᠧᠷᠢᠩ ᠢ ᠴᠠᠭ ᠦᠶ᠎ᠠ ᠶᠢ ᠲᠠᠭᠠᠭᠤᠯᠵᠦ ᠵᠢᠭᠠᠨ ᠰᠤᠷᠭᠠᠯᠳᠠ ᠶᠢ ᠤᠳᠤᠬᠢᠴᠢᠯᠠᠬᠤ ᠠᠵᠢᠯ ᠤᠨ ᠨᠢᠭᠡ ᠭᠤᠤᠯᠳᠠᠯᠭ᠎ᠠ ᠪᠤᠯᠭᠠᠨ ᠠᠳᠬᠤᠭᠰᠠᠨ ᠠᠴᠠ ᠰᠤᠷᠭᠠᠭᠤᠯᠢ ᠶᠢᠨ ᠬᠦᠷᠢᠶᠡᠨ ᠤ ᠲᠤᠤᠷ ᠰᠦᠯᠵᠢᠶ᠎ᠡ ᠶᠢ ᠪᠦᠷᠢᠯᠳᠦᠭᠦᠯᠦᠨ ᠲᠡᠭᠦᠯᠳᠡᠷᠵᠢᠭᠦᠯᠵᠤ ᠂ ᠰᠤᠷᠠᠭ ᠵᠠᠩᠭᠢ ᠶᠢᠨ ᠰᠢᠰᠲ᠋ᠧᠮ ᠤᠨ ᠪᠦᠷᠢᠯᠳᠦᠭᠦᠨ ᠤ ᠭᠤᠤᠯ ᠤᠨᠴᠠᠯᠢᠭ ᠦᠢᠯᠡᠳᠦᠯ ᠬᠡᠷᠡᠭᠴᠡᠭᠡ ᠶᠢ ᠭᠦᠢᠴᠡᠳ ᠪᠠᠳᠠᠷᠠᠭᠤᠯᠵᠠᠢ ᠃ ᠲᠤᠤᠷ ᠰᠦᠯᠵᠢᠶ᠎ᠡ ᠶᠢᠨ ᠬᠠᠮᠢᠶᠠᠷᠤᠯᠳᠠ ᠶᠢᠨ ᠦᠢᠯᠡᠴᠢᠯᠡᠭᠡᠨ ᠤ ᠲᠦᠪ ᠠᠴᠠ ᠰᠢᠭᠤᠳ ᠵᠠᠬᠢᠷᠣᠭᠰᠠᠨ 30 ᠮᠠᠰᠢᠨ ᠪᠦᠬᠦᠢ ᠺᠤᠮᠫᠢᠦ᠋ᠲ᠋ᠧᠷ ᠢᠶᠠᠷ ᠬᠢᠴᠢᠶᠡᠯ ᠪᠡᠯᠡᠳᠬᠡᠭᠦ ᠲᠠᠰᠤᠭ ᠂ 66 ᠮᠠᠰᠢᠨ ᠪᠦᠭᠦᠢ ᠰᠣᠷᠭᠠᠭᠤᠯᠢ ᠶᠢᠨ ᠬᠦᠷᠢᠶᠡᠨ ᠤ ᠰᠦᠯᠵᠢᠶᠡᠨ ᠪᠠᠭᠠᠷ ᠂ 56 ᠮᠠᠰᠢᠨ ᠪᠦᠬᠦᠢ ᠬᠡᠯᠠ ᠠᠪᠢᠶᠠᠨ ᠤ ᠲᠠᠰᠤᠭ ᠪᠠᠶᠢᠬᠤ ᠪᠦᠭᠡᠳ ᠠᠩᠬᠢ ᠪᠦᠷᠢ ᠳᠤ ᠤᠯᠠᠨ ᠵᠠᠭᠤᠴᠢ ᠣᠭᠰᠠᠷᠠᠵᠦ ᠂ ᠬᠢᠴᠢᠶᠡᠯᠯᠡᠭᠴᠢ ᠪᠦᠬᠦᠨ ᠳᠤ ᠭᠠᠷ ᠺᠤᠮᠫᠢᠦ᠋ᠲ᠋ᠧᠷ ᠠᠪᠴᠦ ᠦᠭᠭᠦᠭᠰᠠᠨ ᠠᠴᠠ ᠣᠳᠣᠬᠢᠴᠢᠯᠠᠭᠰᠠᠨ ᠵᠢᠭᠠᠨ ᠰᠣᠷᠭᠠᠯᠳᠠ ᠶᠢᠨ ᠲᠣᠰᠠᠯᠠᠬᠤ ᠲᠦᠭᠦᠭᠡᠷᠦᠮᠵᠢ ᠪᠦᠷᠢᠨ ᠬᠦᠢᠴᠡᠳ ᠪᠣᠯᠵᠦ ᠵᠢᠭᠠᠨ ᠰᠣᠷᠭᠠᠯᠳᠠ ᠶᠢᠨ ᠡᠬᠢ ᠰᠣᠷᠪᠣᠯᠵᠢ ᠶᠢ ᠠᠰᠢᠭᠯᠠᠬᠤ ᠂ ᠰᠣᠷᠠᠭ ᠵᠠᠩᠬᠢ ᠶᠢ ᠴᠠᠭ ᠲᠣᠬᠠᠢ ᠎ ᠳᠤ ᠨᠢ ᠣᠯᠬᠤ ᠂ ᠵᠢᠭᠠᠨ ᠰᠣᠷᠭᠠᠯᠳᠠ ᠶᠢᠨ ᠴᠠᠭ ᠢ ᠠᠷᠪᠢᠯᠠᠵᠦ ᠰᠣᠷᠣᠭᠴᠢᠳ ᠤᠨ ᠪᠡᠶᠡᠳᠠᠨ ᠰᠣᠷᠣᠯᠴᠠᠬᠤ ᠳᠤ ᠵᠠᠢ ᠦᠭᠬᠦ ᠂ ᠬᠡᠶᠢᠰᠪᠦᠷᠢ ᠶᠢ ᠪᠣᠳᠠᠳᠠᠢ ᠪᠣᠯᠭᠠᠵᠦ ᠰᠣᠷᠣᠭᠴᠢ ᠶᠢᠨ ᠣᠷᠮ᠎ᠠ ᠶᠢ ᠬᠦᠭᠵᠢᠭᠡᠬᠦ ᠵᠡᠷᠭᠡ ᠲᠠᠯ᠎ᠠ ᠪᠠᠷ ᠲᠣᠩ ᠴᠢᠬᠤᠯᠠ ᠲᠣᠰᠠᠯᠠᠬᠤ ᠦᠢᠯᠡᠳᠣᠯ ᠭᠠᠷᠭᠠᠵᠦ ᠵᠢᠭᠠᠨ ᠰᠣᠷᠭᠠᠯᠳᠠ ᠶᠢᠨ ᠦᠷ᠎ᠠ ᠠᠰᠢᠭ ᠢ ᠨᠡᠮᠡᠭᠳᠡᠭᠦᠯᠦᠭᠰᠠᠨ ᠪᠠᠶᠢᠨ᠎ᠠ ᠃        ᠪᠠᠭᠰᠢ ᠶᠢᠨ ᠡᠩᠨᠡᠭᠡ ᠪᠣᠯ ᠨᠢᠭᠡ ᠰᠣᠷᠭᠠᠭᠤᠯᠢ ᠶᠢᠨ ᠬᠠᠮᠤᠭ ᠴᠢᠬᠤᠯᠠ ᠬᠠᠳᠠᠭᠤ ᠲᠣᠨᠤᠭ ᠮᠥᠨ ᠃ ᠡᠨᠡ ᠬᠦ ᠬᠠᠳᠠᠭᠤ ᠲᠣᠨᠤᠭ ᠤᠨ ᠪᠦᠳᠦᠭᠡᠨ ᠪᠠᠶᠢᠭᠤᠯᠣᠯᠳᠠ ᠶᠢ ᠦᠷᠬᠦᠯᠵᠢ ᠶᠢᠨ ᠴᠢᠨᠠᠷ ᠲᠠᠢ ᠂ ᠴᠠᠭ ᠦᠶᠡᠴᠢ ᠴᠢᠨᠠᠷ ᠲᠠᠢ ᠂ ᠦᠷ᠎ᠠ ᠠᠰᠢᠭᠳᠣ ᠴᠢᠨᠠᠷ ᠲᠠᠢ ᠬᠢᠬᠦ ᠨᠢ ᠨᠢᠭᠡ ᠰᠣᠷᠭᠠᠭᠤᠯᠢ ᠶᠢᠨ ᠵᠢᠭᠠᠨ ᠰᠣᠷᠭᠠᠯᠳᠠ ᠶᠢᠨ ᠶᠠᠰᠦ ᠴᠢᠨᠠᠷ ᠢ ᠲᠡᠭᠡᠭᠰᠢᠯᠡᠬᠦᠯᠬᠦ ᠶᠢᠨ ᠴᠢᠮᠦᠭᠡ ᠮᠥᠨ ᠃ ᠲᠣᠰ ᠰᠣᠷᠭᠠᠭᠤᠯᠢ ᠨᠢ ᠡᠨᠡ ᠲᠠᠯ᠎ᠠ ᠶᠢᠨ ᠠᠵᠢᠯ ᠢ ᠭᠤᠣᠯᠳᠠᠯᠭ᠎ᠠ ᠶᠢᠨ ᠲᠣᠳᠣᠷᠠᠬᠢ ᠭᠤᠣᠯᠳᠠᠯᠭ᠎ᠠ ᠪᠣᠯᠭᠠᠨ ᠠᠳᠬᠤᠭᠰᠠᠨ ᠠᠴᠠ ᠪᠠᠭᠰᠢ ᠶᠢᠨ ᠡᠩᠨᠡᠭᠡᠨ ᠤ ᠪᠦᠳᠦᠭᠡᠨ ᠪᠠᠶᠢᠭᠤᠯᠣᠯᠳᠠ ᠨᠡᠯᠢᠶᠡᠳ ᠲᠡᠭᠡᠭᠰᠢᠯᠡᠯᠳᠠ ᠲᠠᠢ ᠪᠣᠯᠵᠠᠢ ᠃ ᠪᠦᠭᠦ ᠪᠠᠭᠰᠢ ᠠᠵᠢᠯᠳᠠᠨ ᠠᠵᠢᠯᠴᠢᠨ ᠤ ᠰᠤᠷᠤᠯᠭ᠎ᠠ ᠶᠢᠨ ᠨᠠᠮᠳᠠᠷ ᠲᠤ ᠶᠡᠭᠡ ᠰᠤᠷᠭᠠᠭᠤᠯᠢ ᠶᠢᠨ ᠵᠢᠩᠬᠢᠨᠢ ᠠᠩᠬᠢ ᠲᠡᠭᠦᠰᠦᠭᠰᠡᠨ 72 ᠨᠡᠷ᠎ᠡ ᠂ ᠶᠡᠭᠡ ᠰᠤᠷᠭᠠᠭᠤᠯᠢ ᠶᠢᠨ ᠲᠤᠰᠬᠠᠢ ᠮᠡᠷᠭᠡᠵᠢᠯ ᠤᠨ ᠠᠩᠬᠢ ᠲᠡᠭᠦᠰᠦᠭᠰᠡᠨ 49 ᠨᠡᠷ᠎ᠡ ᠂ ᠲᠤᠮᠳᠠᠳᠤ ᠵᠡᠷᠭᠡ ᠶᠢᠨ ᠲᠤᠰᠬᠠᠢ ᠮᠡᠷᠭᠡᠵᠢᠯ ᠤᠨ ᠠᠩᠬᠢ ᠲᠡᠭᠦᠰᠦᠭᠰᠡᠨ 3 ᠨᠡᠷ᠎ᠡ ᠂ ᠲᠡᠭᠡᠳᠦ ᠲᠤᠮᠳᠠᠳᠤ ᠲᠡᠭᠦᠰᠦᠭᠰᠡᠨ 1 ᠨᠡᠷ᠎ᠡ ᠂ ᠠᠩᠬ᠎ᠠ ᠲᠤᠮᠳᠠᠳᠤ ᠲᠡᠭᠦᠰᠦᠭᠰᠡᠨ 3 ᠨᠡᠷ᠎ᠡ ᠂ ᠪᠠᠭ᠎ᠠ ᠰᠤᠷᠭᠠᠭᠤᠯᠢ ᠲᠡᠭᠦᠰᠦᠭᠰᠡᠨ 3 ᠨᠡᠷ᠎ᠡ ᠪᠠᠶᠢᠨ᠎ᠠ ᠃ ᠢᠡᠭᠬᠢᠭᠡᠳ ᠬᠢᠴᠢᠶᠡᠯᠯᠡᠭᠴᠢ ᠪᠠᠭᠰᠢ ᠨᠠᠷ ᠤᠨ ᠰᠤᠷᠤᠯᠭ᠎ᠠ ᠶᠢᠨ ᠨᠠᠮᠳᠠᠷ ᠤᠨ ᠬᠢᠷᠢ ᠲᠡᠩᠴᠡᠯᠳᠡ 100%( ᠠᠩᠬ᠎ᠠ ᠲᠤᠮᠳᠠᠳᠤ ᠶᠢᠨ ᠬᠢᠴᠢᠶᠡᠯᠯᠡᠭᠴᠢ ᠪᠠᠭᠰᠢ 47᠎ ᠂ ᠬᠢᠷᠢ ᠲᠡᠩᠴᠡᠬᠦ ᠨᠤᠷᠮ᠎ᠠ 100%᠎ ᠲᠤ ᠬᠦᠷᠴᠤ ᠂ ᠲᠡᠭᠡᠳᠦ ᠲᠤᠮᠳᠠᠳᠤ ᠶᠢᠨ ᠬᠢᠴᠢᠶᠡᠯᠯᠡᠭᠴᠢ ᠪᠠᠭᠰᠢ 39᠎ ᠂ ᠬᠢᠷᠢ ᠲᠡᠩᠴᠡᠬᠦ ᠨᠤᠷᠮ᠎ᠠ 100%᠎ ᠲᠤ ᠭᠦᠷᠴᠤ )᠎ ᠲᠤ ᠬᠦᠷᠴᠦ ᠂ ᠲᠤᠮᠳᠠᠳᠤ ᠰᠤᠷᠭᠠᠭᠤᠯᠢ ᠶᠢᠨ ᠤᠨᠴᠠ ᠲᠡᠰ ᠎ ᠤᠨ ᠮᠡᠷᠭᠡᠵᠢᠯ ᠤᠨ ᠴᠤᠯᠠ ᠲᠠᠢ ᠪᠠᠭᠰᠢ 1᠎ ᠂ ᠲᠤᠮᠳᠠᠳᠤ ᠰᠤᠷᠭᠠᠭᠤᠯᠢ ᠶᠢᠨ ᠲᠡᠭᠡᠳᠦ ᠲᠡᠰ ᠤᠨ ᠮᠡᠷᠭᠡᠵᠢᠯ ᠤᠨ ᠴᠤᠯᠠ ᠎ ᠲᠠᠢ ᠪᠠᠭᠰᠢ 28᠎ ᠂ ᠲᠤᠮᠳᠠᠳᠤ ᠰᠤᠷᠭᠠᠭᠤᠯᠢ ᠶᠢᠨ ᠨᠢᠭᠡᠳᠦᠭᠡᠷ ᠲᠡᠰ ᠤᠨ ᠮᠡᠷᠭᠡᠵᠢᠯ ᠤᠨ ᠴᠤᠯᠠ ᠲᠠᠢ ᠪᠠᠭᠰᠢ 45᠎ ᠂ ᠲᠤᠮᠳᠠᠳᠤ ᠰᠤᠷᠭᠠᠭᠤᠯᠢ ᠶᠢᠨ ᠠᠩᠬ᠎ᠠ ᠵᠡᠷᠭᠡ ᠶᠢᠨ ᠮᠡᠷᠭᠡᠵᠢᠯ ᠤᠨ ᠴᠤᠯᠠ ᠲᠠᠢ ᠪᠠᠭᠰᠢ 35 ᠪᠤᠢ ᠃ 
       ᠪᠠᠭᠰᠢ ᠠᠵᠢᠯᠳᠠᠨ ᠠᠵᠢᠯᠴᠢᠨ ᠤ ᠲᠤᠳᠤᠷ᠎ᠠ ᠤᠯᠤᠰ ᠤᠨ ᠲᠡᠰ ᠤᠨ ᠵᠢᠱᠢᠶᠡᠴᠢ ᠰᠠᠶᠢᠴᠤᠤᠯ 3᠎ ᠂ ᠤᠷᠤᠨ ᠤ ᠲᠡᠰ ᠤᠨ ᠵᠢᠱᠢᠶᠡᠴᠢ ᠰᠠᠶᠢᠴᠤᠤᠯ 5᠎ ᠂ ᠬᠤᠳᠠ ᠶᠢᠨ ᠲᠡᠰ ᠤᠨ ᠵᠢᠱᠢᠶᠡᠴᠢ ᠰᠠᠶᠢᠴᠤᠤᠯ 16᠎ ᠂ ᠤᠷᠤᠨ ᠤ ᠲᠡᠰ ᠤᠨ ᠭᠤᠤᠯᠯᠠᠭᠴᠢ ᠪᠠᠭᠰᠢ 4᠎ ᠂ ᠬᠤᠳᠠ ᠶᠢᠨ ᠲᠡᠰ ᠤᠨ ᠬᠢᠴᠢᠶᠡᠯ ᠲᠦᠷᠦᠯ ᠤᠨ ᠲᠤᠯᠤᠭᠠᠶᠢᠯᠠᠭᠴᠢ ᠪᠠᠭᠰᠢ 9᠎ ᠂ ᠬᠤᠳᠠ ᠶᠢᠨ ᠲᠡᠰ ᠤᠨ ᠭᠤᠤᠯᠯᠠᠭᠴᠢ ᠪᠠᠭᠰᠢ 24᠎ ᠂ ᠤᠷᠤᠨ ᠤ ᠲᠡᠰ ᠤᠨ ᠵᠢᠭᠠᠨ ᠰᠤᠷᠭᠠᠬᠤ ᠴᠢᠳᠠᠪᠤᠷᠢᠳᠠᠨ 1᠎ ᠂ ᠬᠤᠳᠠ ᠶᠢᠨ ᠲᠡᠰ ᠤᠨ ᠵᠢᠭᠠᠨ ᠰᠤᠷᠭᠠᠬᠤ ᠴᠢᠳᠠᠪᠤᠷᠢᠳᠠᠨ 9 ᠴᠣᠯᠭᠤᠷᠠᠨ ᠭᠠᠷᠪᠠ ᠃ ᠤᠷᠤᠨ ᠤ ᠬᠡᠪᠴᠢᠶᠡᠨ ᠳᠠᠬᠢ ᠰᠢᠯᠢᠳᠡᠭ ᠬᠢᠴᠢᠶᠡᠯᠯᠡᠭᠡ ᠶᠢᠨ ᠤᠷᠤᠯᠳᠤᠭᠠᠨ ᠳᠤ ᠱᠠᠩᠨᠠᠯ ᠬᠦᠷᠳᠡᠭᠰᠡᠳ 16᠎ ᠂ ᠬᠤᠳᠠ ᠶᠢᠨ ᠬᠡᠪᠴᠢᠶᠡᠨ ᠳᠠᠬᠢ ᠰᠢᠯᠢᠳᠡᠭ ᠬᠢᠴᠢᠶᠡᠯᠯᠡᠭᠡ ᠶᠢᠨ ᠤᠷᠤᠯᠳᠤᠭᠠᠨ ᠳᠤ ᠱᠠᠩᠨᠠᠯ ᠬᠦᠷᠳᠡᠭᠰᠡᠳ 12 ᠪᠠᠶᠢᠵᠤ ᠂ ᠤᠷᠤᠨ ᠤ ᠬᠡᠪᠴᠢᠶᠡᠨ ᠳᠠᠬᠢ ᠰᠢᠨ᠎ᠡ ᠡᠭᠦᠳᠦᠯᠳᠡᠳᠦ ᠬᠢᠴᠢᠶᠡᠯᠯᠡᠭᠡ ᠶᠢᠨ ᠤᠷᠤᠯᠳᠤᠭᠠᠨ ᠳᠤ ᠱᠠᠩᠨᠠᠯ ᠬᠦᠷᠳᠡᠭᠰᠡᠳ 14᠎ ᠂ ᠬᠤᠳᠠ ᠶᠢᠨ ᠬᠡᠪᠴᠢᠶᠡᠨ ᠤ ᠰᠢᠨ᠎ᠡ ᠡᠭᠦᠳᠦᠯᠳᠡᠳᠦ ᠬᠢᠴᠢᠶᠡᠯᠯᠡᠭᠡ ᠶᠢᠨ ᠤᠷᠤᠯᠳᠤᠭᠠᠨ ᠳᠤ ᠱᠠᠩᠨᠠᠯ ᠬᠦᠷᠳᠡᠭᠰᠡᠳ 5 ᠪᠤᠢ ᠃        ᠪᠠᠶᠢᠩᠭᠤ ᠶᠢᠨ ᠵᠢᠭᠠᠨ ᠰᠤᠷᠭᠠᠯᠳᠠ ᠶᠢᠨ ᠶᠠᠪᠤᠴᠠ ᠳᠠᠭᠠᠨ ᠵᠢᠭᠠᠬᠤ ᠶᠢ ᠰᠤᠳᠤᠯᠬᠤ ᠂ ᠵᠢᠭᠠᠬᠤ ᠎ ᠶᠢ ᠦᠬᠡᠷᠡᠴᠢᠯᠡᠬᠦ ᠠᠵᠢᠯᠯᠠᠭᠠᠨ ᠢ ᠡᠷᠴᠢᠮᠳᠡᠢ ᠠᠳᠬᠤᠵᠤ ᠂ ᠤᠷᠢᠳ ᠬᠤᠵᠢᠳ ︽ᠲᠤᠮᠳᠠᠳᠤ ᠰᠤᠷᠭᠠᠭᠤᠯᠢ ᠶᠢᠨ ᠲᠤᠭᠠᠨ ᠤ ᠤᠬᠠᠭᠠᠨ ᠢ ᠤᠷᠢᠳᠴᠢᠯᠡᠨ ᠰᠤᠷᠬᠤ︾ ᠲᠤᠷᠰᠢᠯᠳᠠ ᠂ ︽ᠭᠤᠷᠪᠠᠨ ᠬᠦᠮᠦᠵᠢᠯ ᠤᠨ ᠪᠦᠬᠦᠯᠢ ᠴᠤᠭᠴᠠᠳᠤ ᠦᠬᠡᠷᠡᠴᠢᠯᠡᠯᠳᠡ︾᠎ ᠶᠢᠨ ᠰᠤᠳᠤᠯᠭᠠᠨ ᠂ ︽ᠰᠤᠷᠭᠠᠭᠤᠯᠢ ᠪᠠᠷ ᠦᠨᠳᠤᠰᠦ ᠪᠤᠯᠭᠠᠬᠤ ᠵᠢᠭᠠᠨ ᠰᠤᠷᠭᠠᠯᠳᠠ ᠶᠢᠨ ᠰᠤᠳᠤᠯᠭᠠᠨ︾ ᠵᠡᠷᠭᠡ ᠲᠤᠷᠰᠢᠯᠳᠠ ᠶᠢᠨ ᠠᠵᠢᠯᠯᠠᠭᠠᠨ ᠢ ᠬᠠᠷᠢᠭᠤᠴᠠᠨ ᠠᠮᠵᠢᠯᠳᠠ ᠲᠠᠢ ᠲᠡᠭᠦᠰᠬᠡᠭᠰᠡᠨ ᠪᠦᠬᠡᠳ ᠰᠤᠷᠭᠠᠭᠤᠯᠢ ᠶᠢᠨ ᠰᠤᠷᠬᠤ ᠪᠢᠴᠢᠭ — ︽ᠮᠤᠷᠠᠯ ᠤᠨ ᠬᠦᠮᠦᠵᠢᠯ ᠤᠨ ᠤᠩᠰᠢᠬᠤ ᠪᠢᠴᠢᠭ︾ ᠬᠡᠬᠦ ᠨᠤᠮ ᠢ ᠴᠦ ᠨᠠᠶᠢᠷᠠᠭᠤᠯᠤᠨ ᠬᠡᠷᠡᠭᠯᠡᠵᠤ ᠪᠤᠢ ᠃        ᠪᠠᠭᠰᠢ ᠶᠢᠨ ᠲᠠᠪᠳᠠᠨ ᠪᠤᠯᠪᠠᠰᠤᠷᠠᠯᠳᠠ ᠶᠢᠨ ᠠᠵᠢᠯ ᠢ ᠴᠢᠩᠭ᠎ᠠ ᠠᠳᠬᠤᠵᠤ ᠡᠯ᠎ᠠ ᠱᠠᠳᠤᠨ ᠤ ᠡᠯ᠎ᠠ ᠵᠤᠶᠢᠯ ᠤᠨ ᠪᠤᠯᠪᠠᠰᠤᠷᠠᠯ ᠰᠤᠷᠤᠯᠴᠠᠯᠭ᠎ᠠ ᠳᠤ ᠲᠡᠳᠠᠨᠤᠰ ᠢ ᠰᠠᠭᠠᠳᠤᠯ ᠦᠬᠡᠢ ᠤᠷᠤᠯᠴᠠᠭᠤᠯᠳᠠᠭ ᠮᠦᠷᠳᠡᠭᠡᠨ ᠭᠠᠳᠠᠨ᠎ᠠ ᠠᠴᠠ ᠮᠡᠷᠬᠡᠵᠢᠯᠳᠠᠨ ᠵᠠᠯᠠᠵᠤ ᠵᠢᠭᠠᠨ ᠵᠢᠯᠤᠭᠤᠳᠤᠯᠭ᠎ᠠ ᠬᠢᠯᠬᠡᠬᠦ ᠶᠢ ᠪᠠᠷᠢᠮᠳᠠᠯᠠᠨ ᠰᠢ᠊ · ᠮᠦᠷᠡᠨ ᠂ ᠡᠷᠳᠡᠨᠢᠳᠤᠭᠳᠠᠬᠤ ᠂ ᠰᠠᠮᠫᠠᠯᠨᠤᠷᠪᠤ ᠵᠡᠷᠭᠡ ᠡᠷᠳᠡᠮᠳᠠᠨ ᠢ ᠤᠷᠢᠵᠤ ᠶᠠᠷᠢᠶ᠎ᠠ ᠲᠠᠶᠢᠯᠤᠮᠵᠢ ᠬᠢᠯᠭᠡᠳᠡᠭ ᠪᠠᠶᠢᠨ᠎ᠠ ᠃ 
       ᠰᠤᠷᠭᠠᠭᠤᠯᠢ ᠨᠢ ᠮᠤᠷᠠᠯ ᠤᠨ ᠬᠦᠮᠦᠵᠢᠯ ᠤᠨ ᠠᠵᠢᠯ ᠢ ᠲᠡᠷᠢᠬᠦᠨ ᠪᠠᠶᠢᠷᠢᠨ ᠳᠤ ᠲᠠᠯᠪᠢᠵᠤ ︽ᠬᠦᠮᠦᠨ ᠪᠤᠯᠭᠠᠨ ᠬᠦᠮᠦᠨ ᠢ ᠬᠦᠮᠦᠵᠢᠬᠦᠯᠬᠦ ᠂ ᠶᠠᠪᠤᠳᠠᠯ ᠪᠤᠯᠭᠠᠨ ᠳᠤ ᠬᠦᠮᠦᠨ ᠢ ᠬᠦᠮᠦᠵᠢᠬᠦᠯᠬᠦ ᠂ ᠴᠠᠭ ᠪᠤᠯᠭᠠᠨ ᠎ ᠳᠤ ᠬᠦᠮᠦᠨ ᠢ ᠬᠦᠮᠦᠵᠢᠬᠦᠯᠬᠦ ᠂ ᠭᠠᠵᠠᠷ ᠪᠤᠯᠭᠠᠨ ᠳᠤ ᠬᠦᠮᠦᠨ ᠢ ᠬᠦᠮᠦᠵᠢᠬᠦᠯᠬᠦ︾᠎ ᠶᠢ ︽ᠬᠠᠮᠢᠶᠠᠷᠤᠯᠳᠠ ᠪᠠᠷ ᠬᠦᠮᠦᠨ ᠬᠦᠮᠦᠵᠢᠭᠦᠯᠬᠦ ᠂ ᠤᠷᠴᠢᠨ ᠲᠤᠭᠤᠷᠢᠨ ᠢᠶᠠᠷ ᠬᠦᠮᠦᠨ ᠬᠦᠮᠦᠵᠢᠭᠦᠯᠬᠦ ᠂ ᠦᠢᠯᠡᠴᠢᠯᠡᠭᠡᠨ ᠢᠶᠠᠷ ᠬᠦᠮᠦᠨ ᠬᠦᠮᠦᠵᠢᠭᠦᠯᠬᠦ ᠂ ᠬᠦᠳᠡᠯᠭᠡᠭᠡᠨ ᠢᠶᠠᠷ ᠬᠦᠮᠦᠨ ᠬᠦᠮᠦᠵᠢᠭᠦᠯᠬᠦ︾᠎ ᠲᠠᠢ ᠨᠢᠭᠳᠠ ᠤᠶᠠᠯᠳᠤᠭᠤᠯᠤᠭᠰᠠᠨ ᠮᠤᠷᠠᠯ ᠤᠨ ᠬᠦᠮᠦᠵᠢᠯ ᠤᠨ ᠲᠤᠤᠷᠯᠢᠭ ᠢ ᠪᠠᠶᠢᠭᠤᠯᠵᠤ ᠂ ᠰᠤᠷᠤᠭᠴᠢ ᠶᠢᠨ ᠪᠤᠳᠠᠳᠤ ᠠᠮᠢᠳᠤᠷᠠᠯ ᠤᠶᠢᠯᠡᠳᠦᠯᠬᠡ ᠲᠤᠮᠳᠠ ᠦᠪᠡᠷ ᠢ ᠎ ᠪᠠᠨ ᠲᠠᠨᠢᠵᠤ ᠲᠡᠬᠦᠯᠳᠡᠷᠵᠢᠬᠦᠯᠬᠦ ᠶᠢ ᠴᠢᠬᠤᠯᠠᠴᠢᠯᠠᠨ ᠂ ᠨᠠᠮ ᠤᠨ ᠡᠬᠦᠷ ᠵᠢᠯᠤᠭᠤᠳᠤᠨ ᠂ ᠵᠠᠬᠢᠷᠤᠯ ᠬᠠᠷᠢᠭᠤᠴᠠᠵᠤ ᠂ ᠤᠯᠤᠰ ᠲᠦᠷᠦ ᠬᠦᠮᠦᠵᠢᠯ ᠤᠨ ᠭᠠᠵᠠᠷ ᠭᠠᠷᠳᠠᠨ ᠂ ᠡᠪᠯᠡᠯ ᠤᠨ ᠬᠤᠷᠢᠶ᠎ᠠ ᠂ ᠪᠠᠭᠠᠴᠤᠳ ᠤᠨ ᠬᠤᠰᠢᠭᠤᠴᠢ ᠠᠩᠬᠢ ᠂ ᠰᠤᠷᠤᠭᠴᠢ ᠬᠤᠷᠠᠯ ᠂ ᠤᠨ ᠤ ᠲᠤᠭᠤᠶᠢᠯᠠᠩ ᠂ ᠬᠤᠶᠢᠴᠢ ᠦᠶ᠎ᠡ ᠶᠢ ᠬᠠᠯᠠᠮᠵᠢᠯᠠᠬᠤ ᠵᠦᠪᠯᠡᠯ ᠂ ᠬᠡᠷ ᠤᠨ ᠠᠬᠠᠮᠠᠳ ᠤᠨ ᠰᠤᠷᠭᠠᠭᠤᠯᠢ ᠠᠴᠠ ᠬᠠᠮᠵᠢᠯᠴᠠᠨ ᠠᠩᠬᠢ ᠡᠷᠬᠢᠯᠡᠭᠴᠢ ᠭᠤᠤᠯᠯᠠᠨ ᠂ ᠬᠢᠴᠢᠶᠡᠯᠯᠡᠭᠴᠢ ᠪᠠᠭᠰᠢ ᠂ ᠠᠵᠢᠯᠳᠠᠨ ᠠᠵᠢᠯᠴᠢᠨ ᠤᠷᠤᠯᠴᠠᠨ ᠬᠢᠨᠠᠨ ᠬᠠᠮᠢᠶᠠᠷᠬᠤ ᠲᠤᠭᠳᠠᠯᠴᠠᠭ᠎ᠠ ᠶᠢ ᠪᠠᠶᠢᠭᠤᠯᠤᠭᠰᠠᠨ ᠪᠠᠶᠢᠨ᠎ᠠ ᠃ ︽ᠠᠴᠢ ᠬᠠᠷᠢᠭᠤᠯᠳᠠ ᠶᠢᠨ ᠬᠦᠮᠦᠵᠢᠯ︾ ᠬᠡᠬᠦ ᠦᠪᠡᠷᠮᠢᠴᠠ ᠤᠨᠴᠠᠯᠢᠭᠳᠤ ᠬᠦᠮᠦᠵᠢᠯ ᠪᠠ ︽ᠬᠡᠷ ᠤᠨ ᠠᠬᠠᠮᠠᠳ ᠲᠠᠢ ᠺᠠᠷᠲ ᠢᠶᠠᠷ ᠬᠠᠷᠢᠯᠴᠠᠬᠤ︾ ᠠᠷᠭ᠎ᠠ ᠬᠡᠯᠪᠡᠷᠢ ᠨᠢ ᠦᠷ᠎ᠡ ᠨᠦᠯᠦᠭᠡ ᠰᠠᠶᠢᠨ ᠪᠠᠶᠢᠨ᠎ᠠ ᠃ ᠰᠤᠷᠭᠠᠭᠤᠯᠢ ᠶᠢᠨ ᠨᠠᠮ ᠤᠨ ᠡᠭᠦᠷ ᠪᠠ ᠪᠠᠭᠰᠢ ᠠᠵᠢᠯᠳᠠᠨ ᠎ ᠤ ᠲᠦᠯᠦᠬᠡᠯᠡᠭᠴᠢ ᠶᠢᠨ ᠬᠤᠷᠠᠯ ᠤᠨ ᠬᠢᠨᠠᠯᠳᠠ ᠶᠢᠨ ᠲᠤᠤᠷᠠᠬᠢ ᠰᠤᠷᠭᠠᠭᠤᠯᠢ ᠶᠢᠨ ᠵᠠᠬᠢᠷᠤᠯ ᠬᠠᠷᠢᠭᠤᠴᠠᠬᠤ ᠲᠦᠷᠢᠮ ᠎ ᠢ ᠬᠡᠷᠡᠭᠵᠢᠭᠦᠯᠵᠤ ᠂ ᠨᠠᠮ ᠤᠨ ᠡᠭᠦᠷ ᠂ ᠰᠤᠷᠭᠠᠭᠤᠯᠢ ᠶᠢᠨ ᠵᠦᠪᠯᠡᠯ ᠨᠢ ᠪᠦᠭᠦ ᠰᠤᠷᠭᠠᠭᠤᠯᠢ ᠶᠢᠨ ᠡᠯ᠎ᠡ ᠲᠠᠯ᠎ᠠ ᠶᠢᠨ ᠠᠵᠢᠯ ᠪᠤᠯᠤᠨ ᠤᠯᠠᠨ ᠲᠦᠮᠡᠨᠴᠢ ᠵᠤᠬᠢᠶᠠᠨ ᠪᠠᠶᠢᠭᠤᠯᠤᠯᠳᠠ ᠶᠢᠨ ᠠᠵᠢᠯ ᠢ ᠰᠢᠭᠤᠳ ᠤᠳᠤᠷᠢᠳᠴᠤ ᠪᠠᠶᠢᠨ᠎ᠠ ᠃ ᠰᠤᠷᠭᠠᠭᠤᠯᠢ ᠶᠢᠨ ᠵᠠᠬᠢᠷᠤᠯ ᠪᠤᠯᠤᠨ ᠰᠤᠷᠭᠠᠭᠤᠯᠢ ᠶᠢᠨ ᠵᠦᠪᠯᠡᠯ ᠤᠨ ᠲᠤᠤᠷ᠎ᠠ ᠬᠢᠴᠢᠶᠡᠯ ᠬᠦᠮᠦᠵᠢᠯ ᠤᠨ ᠭᠠᠵᠠᠷ ᠂ ᠤᠯᠤᠰ ᠲᠦᠷᠦ ᠬᠦᠮᠦᠵᠢᠯ ᠤᠨ ᠭᠠᠵᠠᠷ ᠂ ᠠᠷᠤ ᠲᠠᠯ᠎ᠠ ᠶᠢᠨ ᠭᠠᠵᠠᠷ ᠵᠡᠷᠭᠡ ᠬᠡᠯᠬᠢᠶᠡᠨ ᠤ ᠪᠠᠶᠢᠭᠤᠯᠤᠮᠵᠢ ᠲᠠᠢ ᠪᠠᠶᠢᠵᠤ ᠵᠢᠭᠠᠨ ᠰᠤᠷᠭᠠᠯᠳᠠ ᠂ ᠰᠤᠷᠭᠠᠨ ᠬᠦᠮᠦᠵᠢᠯ ᠂ ᠰᠤᠷᠤᠭᠴᠢ ᠶᠢᠨ ᠬᠠᠮᠢᠶᠠᠷᠤᠯᠳᠠ ᠠᠷᠤ ᠦᠢᠯᠡᠴᠢᠯᠡᠭᠡᠨ ᠤ ᠠᠵᠢᠯ ᠢ ᠰᠢᠭᠤᠳ ᠭᠦᠢᠴᠡᠳᠬᠡᠵᠦ ᠪᠤᠢ ᠃ ᠠᠵᠢᠯᠴᠢᠨ ᠤ ᠡᠪᠯᠡᠯ ᠂ ᠡᠪ ᠬᠠᠮᠳᠤ ᠵᠠᠯᠠᠭᠤᠴᠤᠳ ᠤᠨ ᠡᠪᠯᠡᠯ ᠤᠨ ᠬᠤᠷᠢᠶ᠎ᠠ ᠂ ᠡᠮᠡᠭᠳᠠᠶᠢᠴᠤᠳ ᠤᠨ ᠬᠤᠯᠪᠤᠭ᠎ᠠ ᠂ ᠬᠤᠶᠢᠴᠢ ᠦᠶ᠎ᠡ ᠶᠢ ᠬᠠᠯᠠᠮᠵᠢᠯᠠᠬᠤ ᠵᠦᠪᠯᠡᠯ ᠂ ᠭᠡᠷ ᠤᠨ ᠠᠬᠠᠮᠠᠳ ᠤᠨ ᠰᠤᠷᠭᠠᠭᠤᠯᠢ ᠶᠢᠨ ᠵᠦᠪᠯᠡᠯ ᠂ ᠰᠤᠷᠤᠭᠴᠢ ᠶᠢᠨ ᠬᠤᠷᠠᠯ ᠵᠡᠷᠭᠡ ᠤᠯᠠᠨ ᠲᠦᠮᠡᠨᠴᠢ ᠵᠤᠬᠢᠶᠠᠨ ᠪᠠᠶᠢᠭᠤᠯᠤᠯᠳᠠ ᠨᠢ ᠦᠢᠯᠡᠳᠦᠯ ᠢᠶᠠᠨ ᠭᠦᠢᠴᠡᠳ ᠪᠠᠳᠠᠷᠠᠭᠤᠯᠤᠨ ᠂ ᠰᠤᠷᠭᠠᠭᠤᠯᠢ ᠪᠠᠨ ᠬᠠᠤᠯᠢ ᠪᠠᠷ ᠬᠠᠮᠢᠶᠠᠷᠬᠤ ᠂ ᠠᠷᠠᠳᠴᠢᠯᠠᠯ ᠢᠶᠠᠷ ᠬᠠᠮᠢᠶᠠᠷᠬᠤ ᠳᠤ ᠤᠷᠤᠯᠴᠠᠵᠤ ᠡᠯ᠎ᠡ ᠲᠠᠯ᠎ᠠ ᠶᠢᠨ ᠠᠵᠢᠯ ᠤᠨ ᠤᠷᠤᠭᠰᠢᠳᠠᠢ ᠶᠠᠪᠤᠭᠳᠠᠬᠤ ᠳᠤ ᠬᠦᠴᠦᠳᠠᠢ ᠪᠠᠳᠤᠯᠠᠭ᠎ᠠ ᠪᠤᠯᠵᠤ ᠪᠠᠶᠢᠨ᠎ᠠ ᠃ 
       ᠰᠤᠷᠭᠠᠭᠤᠯᠢ ᠶᠢᠨ ᠲᠦᠷᠢᠮ ᠂ ᠰᠤᠷᠭᠠᠭᠤᠯᠢ ᠶᠢᠨ ᠲᠤᠭ ᠂ ᠰᠤᠷᠭᠠᠭᠤᠯᠢ ᠶᠢᠨ ᠰᠦᠯᠳᠡ ᠵᠡᠷᠭᠡ ᠶᠢ ᠨᠢᠭᠡᠨᠳᠠ ᠪᠠᠳᠤᠯᠠᠨ ᠲᠤᠭᠳᠠᠭᠠᠵᠤ ᠪᠠᠶᠢᠡᠭᠭᠤ ᠶᠢᠨ ᠵᠦᠭᠯᠡᠭᠦᠷ ᠪᠤᠯᠭᠠᠬᠤ ᠶᠢᠨ ᠲᠠᠭᠠᠤ ︽ᠰᠤᠷᠳᠠᠯ ᠪᠤᠯᠪᠠᠰᠤᠨ ᠂ ᠰᠤᠷᠤᠯᠭ᠎ᠠ ᠰᠠᠶᠢᠨ ᠂ ᠠᠵᠢᠯᠴᠢ ᠰᠢᠷᠭᠠᠭᠤ ᠂ ᠠᠯᠬᠤᠮ ᠲᠠᠪᠰᠢᠯᠳᠠᠳᠠᠢ︾ ᠬᠡᠳᠡᠭ ᠢᠶᠠᠷ ᠰᠤᠷᠭᠠᠭᠤᠯᠢ ᠶᠢᠨ ᠰᠤᠷᠳᠠᠯ ᠂ ︽ᠢᠳᠡᠬᠡᠯ ᠵᠤᠷᠢᠭ ᠂ ᠢᠳᠡᠪᠬᠢ ᠰᠡᠳᠬᠢᠬᠦᠢ ᠂ ᠬᠠᠳᠠᠭᠤᠵᠢᠯᠳᠤ ᠴᠢᠷᠮᠠᠶᠢᠯᠭ᠎ᠠ ᠂ ᠬᠠᠨᠤᠮᠵᠢᠳᠤ ᠪᠦᠳᠦᠮᠵᠢ︾ ᠬᠡᠳᠡᠭ ᠢᠶᠠᠷ ᠰᠤᠷᠭᠠᠭᠤᠯᠢ ᠶᠢᠨ ᠰᠤᠷᠭᠠᠯ ᠂ ︽ᠰᠢᠷᠭᠠᠭᠤ ᠰᠤᠷᠤᠯᠴᠠᠬᠤ ᠂ ᠰᠢᠨᠵᠢᠯᠠᠵᠤ ᠰᠤᠳᠤᠯᠬᠤ ᠂ ᠰᠢᠮᠳᠠᠵᠤ ᠵᠢᠭᠠᠬᠤ ᠂ ᠰᠢᠯᠢᠳᠡᠭ ᠠᠮᠵᠢᠯᠳᠠ︾ ᠬᠡᠳᠡᠭ ᠢᠶᠠᠷ ᠵᠢᠭᠠᠬᠤ ᠰᠤᠷᠳᠠᠯ ᠂ ︽ᠬᠠᠳᠠᠭᠤᠵᠢᠯᠳᠠᠢ ᠰᠤᠷᠤᠯᠴᠠᠬᠤ ᠂ ᠬᠠᠳᠠᠭᠤᠵᠢᠨ ᠪᠤᠯᠪᠠᠰᠤᠷᠬᠤ ᠂ ᠬᠠᠷᠢᠯᠴᠠᠨ ᠬᠠᠪᠰᠤᠷᠬᠤ ᠂ ᠬᠠᠮᠳᠤ ᠪᠠᠷ ᠲᠠᠪᠰᠢᠬᠤ︾ ᠬᠡᠳᠡᠭ ᠢᠶᠠᠷ ᠰᠤᠷᠬᠤ ᠰᠤᠷᠳᠠᠯ ᠂ ︽ᠮᠠᠷᠭᠠᠰᠢ ᠶᠢᠨ ᠮᠤᠩᠭᠤᠯ ᠨᠠᠷᠠᠨ︾ ᠬᠡᠳᠡᠭ ᠢᠶᠠᠷ ᠰᠤᠷᠭᠠᠭᠤᠯᠢ ᠶᠢᠨ ᠲᠠᠭᠤᠤ ᠪᠤᠯᠭᠠᠨ ᠂ ᠡᠯ᠎ᠡ ᠲᠠᠯ᠎ᠠ ᠶᠢᠨ ᠠᠵᠢᠯ ᠤᠨ ᠵᠤᠬᠢᠶᠠᠨ ᠪᠠᠶᠢᠭᠤᠯᠤᠯᠳᠠ ᠨᠠᠷᠢᠯᠢᠭ ᠂ ᠡᠭᠦᠷᠭᠡ ᠬᠤᠪᠢᠶᠠᠷᠢᠯᠡᠯ ᠲᠤᠳᠤᠷᠬᠠᠢ ᠂ ᠬᠠᠷᠢᠭᠤᠴᠠᠯᠭ᠎ᠠ ᠲᠤᠳᠤ ᠂ ᠲᠦᠷᠢᠮ ᠲᠤᠭᠳᠠᠭᠠᠯ ᠢ ᠲᠡᠭᠦᠯᠳᠡᠷ ᠪᠣᠯᠭᠠᠭᠰᠠᠨ ᠠᠴᠠ ᠲᠦᠷᠢᠮ ᠲᠣᠳᠣ ᠂ ᠵᠦᠭᠯᠡᠭᠦᠷ ᠲᠣᠳᠣ ᠂ ᠬᠠᠷᠢᠭᠤᠴᠠᠯᠭ᠎ᠠ ᠲᠣᠳᠣ ᠂ ᠡᠭᠦᠷᠭᠡ ᠲᠣᠳᠣ ᠪᠣᠯᠵᠦ ᠬᠠᠮᠢᠶᠠᠷᠣᠯᠳᠠ ᠶᠢᠨ ᠦᠷ᠎ᠠ ᠠᠰᠢᠭ ᠲᠡᠭᠡᠭᠰᠢᠯᠡᠭᠰᠠᠨ ᠪᠠᠶᠢᠨ᠎ᠠ ᠃        ᠰᠤᠷᠤᠭᠴᠢ ᠶᠢᠨ ᠬᠠᠮᠢᠶᠠᠷᠤᠯᠳᠠ ᠶᠢᠨ ᠲᠠᠯ᠎ᠠ ᠪᠠᠷ ᠬᠦᠮᠦᠨ ᠢᠶᠠᠷ ᠦᠨᠳᠦᠰᠦ ᠪᠤᠯᠭᠠᠨ ᠂ ᠪᠦᠬᠦ ᠲᠠᠯ᠎ᠠ ᠪᠠᠷ ᠬᠦᠭᠵᠢᠭᠦᠯᠵᠦ ᠂ ᠠᠪᠢᠶᠠᠰ ᠴᠢᠳᠠᠪᠤᠷᠢ ᠶᠢ ᠨᠢ ᠪᠠᠳᠠᠷᠠᠭᠤᠯᠵᠤ ᠂ ᠦᠨᠳᠦᠰᠦᠳᠡᠨ ᠤ ᠤᠯᠠᠮᠵᠢᠯᠠᠯᠳᠤ ᠰᠤᠶᠤᠯ ᠤᠨ ᠦᠪ ᠢᠶᠠᠨ ᠤᠯᠠᠮᠵᠢᠯᠠᠨ ᠬᠦᠭᠵᠢᠭᠦᠯᠬᠦ ᠡᠭᠦᠳᠠᠨ ᠠᠴᠠ ᠲᠠᠩᠬᠢᠮ ᠤᠨ ᠬᠢᠴᠢᠶᠡᠯᠯᠡᠭᠡ ᠠᠴᠠ ᠭᠠᠳᠠᠨ᠎ᠠ ᠵᠣᠬᠢᠶᠠᠨ ᠪᠠᠶᠢᠭᠤᠯᠤᠭᠰᠠᠨ ︽ᠮᠤᠩᠭᠤᠯ ᠪᠦᠬᠡ ᠶᠢᠨ ᠠᠩᠬᠢ︾᠂ ︽ᠮᠤᠷᠢᠨ ᠬᠤᠭᠤᠷ ᠤᠨ ᠠᠩᠬᠢ︾᠂ ︽ᠮᠣᠩᠭᠤᠯ ᠪᠦᠵᠢᠭ ᠤᠨ ᠠᠩᠬᠢ︾᠂ ︽ᠷᠠᠳᠢᠣ᠋ ᠨᠡᠪᠳᠡᠷᠡᠭᠦᠯᠭᠡ ᠶᠢᠨ ᠲᠣᠭᠤᠶᠢᠯᠠᠩ︾ ᠵᠡᠷᠭᠡ ᠤᠨᠴᠠᠯᠢᠭᠳᠤ ᠠᠵᠢᠯᠯᠠᠭᠠᠨ ᠪᠠ ︽ᠴᠤᠭ ᠰᠣᠨᠢᠨ︾᠎ ᠂ ︽ᠪᠢᠷᠠᠭᠤ ᠭᠤᠣᠯ ᠤᠨ ᠱᠣᠣᠬᠢᠶ᠎ᠠ︾ ᠵᠡᠷᠭᠡ ᠰᠤᠷᠭᠠᠭᠤᠯᠢ ᠶᠢᠨ ᠰᠤᠨᠢᠨ ᠰᠡᠳᠬᠦᠯ ᠵᠢᠴᠢ ᠣᠨ ᠎ ᠤ ᠲᠣᠭᠤᠶᠢᠯᠠᠩ ᠪᠣᠶᠦ ᠵᠢᠭᠠᠬᠤ ᠶᠢ ᠰᠣᠳᠣᠯᠬᠤ ᠲᠣᠭᠤᠶᠢᠯᠠᠩ ᠢᠶᠠᠷ ᠨᠢᠭᠡᠴᠢᠯᠡᠭᠰᠡᠨ ᠮᠣᠩᠭᠤᠯ ᠰᠢᠳᠠᠷ᠎ᠠ ᠂ ᠪᠣᠭᠤ ᠵᠢᠷᠬᠢᠭᠡ ᠂ ᠲᠡᠪᠡᠭ ᠢᠰᠬᠦᠯᠬᠦ ᠂ ᠦᠰᠦᠨ ᠪᠢᠷ ᠤᠨ ᠪᠢᠴᠢᠯᠭᠡ ᠵᠡᠷᠭᠡ ᠬᠦᠳᠡᠯᠬᠡᠬᠡᠨ ᠤ ᠬᠢᠴᠢᠶᠡᠯ ᠨᠢ ᠰᠤᠨᠢᠷᠬᠠᠯᠳᠤ ᠤᠨᠴᠠᠯᠢᠭ ᠢᠶᠠᠷ ᠰᠤᠷᠤᠭᠴᠢ ᠶᠢᠨ ᠤᠷᠮ᠎ᠠ ᠶᠢ ᠬᠦᠭᠵᠢᠬᠡᠵᠤ ᠂ ᠰᠤᠷᠤᠯᠴᠠᠯᠭ᠎ᠠ ᠶᠢᠨ ᠠᠭᠤᠷ ᠠᠮᠢᠰᠬᠤᠯ ᠢ ᠬᠦᠷ ᠬᠦᠭᠵᠢᠶᠡᠨ ᠲᠠᠢ ᠪᠤᠯᠭᠠᠬᠤ ᠳᠤ ᠤᠶᠢᠯᠡᠴᠢᠯᠡᠵᠤ ᠪᠠᠶᠢᠨ᠎ᠠ ᠃ 
       ᠲᠠᠪᠢᠭᠠᠳ ᠵᠢᠯ ᠤᠨ ᠰᠠᠯᠬᠢ ᠪᠣᠷᠣᠭᠠᠨ ᠳᠤ ᠭᠤᠷᠪᠠᠨ ᠨᠣᠳᠤᠭ ᠂ ᠲᠦᠷᠪᠡᠨ ᠨᠡᠷ᠎ᠠ ᠰᠣᠯᠢᠭᠰᠠᠨ ᠪᠢᠷᠠᠭᠤ ᠳᠠᠬᠢ ᠮᠣᠩᠭᠤᠯ ᠦᠨᠳᠦᠰᠣᠳᠠᠨ ᠤ ᠲᠣᠮᠳᠠᠳᠦ ᠰᠣᠷᠭᠠᠭᠤᠯᠢ ᠶᠢᠨ ᠵᠢᠭᠠᠨ ᠰᠣᠷᠭᠠᠯᠳᠠ ᠨᠢ ᠨᠡᠭᠦᠳᠠᠯ ᠪᠠᠭᠤᠳᠠᠯ ᠤᠨ ᠲᠣᠭᠤᠰᠣ ᠲᠠᠭᠠᠵᠦ ᠦᠩᠬᠡᠷᠡᠭᠰᠡᠨ ᠵᠠᠭᠤᠨ ᠢ ᠦᠭᠡᠳᠠ ᠲᠠᠢ ᠣᠷᠣᠭᠤ ᠲᠠᠢ ᠰᠢᠪᠳᠦᠷᠠᠭᠰᠠᠨ ᠴᠦ ᠰᠢᠨ᠎ᠠ ᠵᠠᠭᠤᠨ ᠢ ᠰᠢᠨᠡᠭᠡᠨ ᠲᠦᠷᠬᠦ ᠪᠠᠷ ᠣᠭᠳᠣᠭᠰᠠᠨ ᠢ ᠶᠠᠷᠢᠬᠤ ᠳᠤ ᠣᠷᠮ᠎ᠠ ᠲᠠᠢ ᠃ ᠣᠯᠠᠭᠠᠨᠬᠠᠳᠠ ᠬᠤᠳᠠ ᠎ ᠶᠢᠨ ᠦᠨᠳᠦᠰᠦᠳᠡᠨ ᠤ ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠥᠨ ᠤᠨ ᠭᠡᠪ ᠴᠢᠨᠠᠷ ᠤᠨ ᠰᠤᠷᠭᠠᠨ ᠬᠦᠮᠦᠵᠢᠯ ᠤᠨ ᠦᠷ᠎ᠡ ᠪᠦᠳᠦᠭᠡᠯ ᠤᠨ ᠲᠡᠯᠭᠡᠨ ᠦᠵᠡᠬᠦᠯᠦᠯᠭᠡ ᠶᠢᠨ ᠴᠢᠭᠤᠯᠭᠠᠨ ᠂ ᠣᠯᠠᠭᠠᠨᠬᠠᠳᠠ ᠬᠤᠳᠠ ᠶᠢᠨ ᠲᠤᠮᠳᠠᠳᠤ ᠰᠤᠷᠭᠠᠭᠤᠯᠢ ᠶᠢᠨ ᠰᠤᠷᠤᠭᠴᠢᠥᠨ ᠤᠨ ᠬᠦᠨᠳᠦ ᠬᠦᠩᠭᠡᠨ ᠪᠡᠶ᠎ᠡ ᠲᠠᠮᠢᠷ ᠤᠨ ᠤᠷᠤᠯᠳᠤᠭᠠᠨ ᠂ ᠪᠦᠬᠦ ᠣᠯᠣᠰ ᠤᠨ ᠲᠦᠷᠪᠡᠳᠦᠭᠡᠷ ᠂ ᠲᠠᠪᠣᠳᠣᠭᠠᠷ ᠬᠤᠭᠤᠴᠠᠭᠠᠨ ᠤ ︽ᠬᠡᠪ ᠴᠢᠨᠠᠷ ᠬᠤᠨᠳᠠᠭᠠᠳᠣ︾ ᠵᠠᠯᠠᠭᠤᠴᠣᠳ ᠪᠠᠭᠠᠴᠣᠳ ᠤᠨ ᠣᠷᠠᠨ ᠵᠢᠷᠤᠭ ᠂ ᠣᠷᠠᠨ ᠪᠢᠴᠢᠯᠭᠡ ᠶᠢᠨ ᠣᠷᠣᠯᠳᠣᠭᠠᠨ ᠳᠤ ᠲᠣᠰ ᠰᠣᠷᠭᠠᠭᠤᠯᠢ ᠶᠢᠨ ᠰᠣᠷᠣᠭᠴᠢᠳ ᠲᠡᠷᠢᠬᠦᠨ ᠂ ᠲᠡᠳ᠋ ᠪᠠᠷ ᠣᠯᠠᠨᠳᠠ ᠲᠣᠳᠣᠷᠠᠵᠦ ᠢᠷᠡᠭᠰᠠᠨ ᠪᠦᠭᠡᠳ ᠣᠯᠠᠭᠠᠨᠬᠳᠠ ᠬᠤᠳᠠ ᠶᠢᠨ ᠮᠣᠩᠭᠤᠯ ᠲᠣᠮᠳᠠᠳᠣ ᠰᠣᠷᠭᠠᠭᠤᠯᠢ ᠶᠢᠨ ᠬᠢᠳᠠᠳ ᠪᠦᠭᠡ ᠶᠢᠨ ᠣᠷᠣᠯᠳᠣᠭᠠᠨ ᠳᠤ ᠨᠠᠶᠠᠭᠠᠳ ᠣᠨ ᠠᠴᠠ ᠡᠬᠢᠯᠡᠵᠦ ᠣᠳᠣ ᠲᠠᠢ ᠪᠠᠷᠢᠯᠳᠣᠵᠦ ᠢᠷᠡᠭᠰᠠᠨ ᠢᠶᠠᠨ 2008 ᠣᠨ ᠳᠤ ᠪᠣᠯᠣᠭᠰᠠᠨ ᠣᠯᠠᠭᠠᠨᠬᠳᠠ ᠬᠤᠳᠠ ᠶᠢᠨ ᠮᠣᠩᠭᠤᠯ ᠲᠣᠮᠳᠠᠳᠣ ᠰᠣᠷᠭᠠᠭᠤᠯᠢ ᠶᠢᠨ ᠬᠢᠳᠠᠳ ᠪᠦᠭᠡ ᠶᠢᠨ ᠣᠷᠣᠯᠳᠣᠭᠠᠨ ᠳᠤ ᠵᠢᠷᠭᠤᠭᠠᠨ ᠲᠡᠰ ᠤᠨ ᠲᠡᠷᠢᠬᠦᠨ ᠂ ᠲᠡᠳ᠋ ᠢ ᠴᠦᠮ ᠲᠣᠰ ᠰᠣᠷᠭᠠᠭᠤᠯᠢ ᠶᠢᠨ ᠰᠣᠷᠣᠭᠴᠢ ᠠᠪᠴᠦ ᠡᠷ᠎ᠠ ᠪᠣᠰᠤᠭ᠎ᠠ ᠮᠣᠩᠭᠤᠯ ᠬᠦᠮᠦᠨ ᠤ ᠬᠡᠪ ᠪᠣᠯᠪᠠᠰᠣᠷᠠᠯ ᠢ ᠵᠠᠯᠭᠠᠮᠵᠢᠯᠠᠭᠰᠠᠨ ᠎ ᠢᠶᠠᠨ ᠭᠠᠶᠢᠬᠠᠭᠤᠯᠣᠭᠰᠠᠨ ᠪᠠᠶᠢᠳᠠᠭ ᠃ ᠣᠷ᠎ᠠ ᠠᠪᠢᠶᠠᠰ ᠲᠤ ᠪᠠᠨ ᠠᠯᠳᠠ ᠮᠦᠩᠬᠦ ᠪᠠᠷ ᠮᠢᠯᠢᠶᠠᠯᠭᠠᠳᠠᠭ ᠰᠣᠷᠣᠭᠴᠢᠳ ᠣᠬᠠᠭᠠᠨ ᠪᠢᠯᠢᠭ ᠤᠨ ᠰᠣᠷᠢᠭᠠᠨ ᠳᠤ ᠬᠦᠮᠦᠨ ᠠᠴᠠ ᠲᠣᠣᠷᠠᠳᠠᠬᠤ ᠦᠭᠡᠢ ᠨᠢ ᠶᠠᠷᠢᠶᠠᠨ ᠦᠭᠡᠢ ᠃ ᠬᠡᠳᠦᠶᠢᠪᠡᠷ ᠠᠩᠬ᠎ᠠ ᠰᠢᠯᠭᠠᠯᠳᠠ ᠳᠤ ᠦᠨᠳᠦᠷ ᠪᠦᠳᠦᠮᠵᠢ ᠣᠯᠣᠭᠰᠠᠨ ᠰᠣᠷᠣᠭᠴᠢᠳ ᠢᠶᠠᠨ ᠲᠡᠭᠡᠷ᠎ᠠ ᠠᠴᠠ ᠨᠢ ᠰᠢᠭᠰᠢᠵᠦ ᠪᠠᠭᠰᠢ ᠎ ᠶᠢᠨ ᠶᠡᠭᠡ ᠰᠣᠷᠭᠠᠭᠤᠯᠢ ᠶᠢᠨ ᠬᠠᠷᠢᠶᠠᠳᠣ ᠲᠣᠮᠳᠠᠳᠣ ᠰᠣᠷᠭᠠᠭᠤᠯᠢ ᠂ ᠣᠯᠠᠭᠠᠨᠬᠠᠳᠠ ᠶᠢᠨ ᠮᠣᠩᠭᠤᠯ ᠲᠣᠮᠳᠠᠳᠣ ᠰᠣᠷᠭᠠᠭᠤᠯᠢ ᠳᠤ ᠦᠢᠯᠡᠰ ᠤᠨ ᠲᠦᠷᠦᠭᠡ ᠶᠢ ᠨᠢ ᠮᠢᠯᠢᠶᠠᠵᠦ ᠬᠦᠷᠭᠡᠳᠡᠭ ᠴᠦ ᠡᠭᠡ ᠰᠣᠷᠭᠠᠭᠤᠯᠢ ᠳᠤ ᠪᠠᠨ ᠨᠣᠳᠤᠭ ᠲᠠᠷᠣᠵᠦ ᠦᠯᠡᠳᠡᠭᠰᠠᠨ ᠰᠣᠷᠣᠭᠴᠢᠳ ᠢᠶᠠᠨ ᠡᠭᠡ ᠶᠢᠨ ᠬᠠᠶᠢᠷ᠎ᠠ ᠪᠠᠷ ᠡᠩᠬᠦᠷᠡᠶᠢᠯᠡᠨ ᠬᠦᠮᠦᠵᠢᠭᠦᠯᠳᠡᠭ ᠠᠴᠠ ᠲᠡᠭᠡᠳᠦ ᠰᠢᠯᠭᠠᠯᠳᠠ ᠳᠤ ᠲᠠᠪᠠᠭᠤ ᠪᠦᠳᠦᠮᠵᠢ ᠣᠯᠭᠤᠵᠦ ᠪᠠᠶᠢᠨ᠎ᠠ ᠃ 2007 ᠤᠨ ᠳᠤ ᠤᠷᠤᠨ ᠤ ᠲᠤᠳᠤᠨ᠎ᠠ ᠭᠠᠳᠠᠨᠠᠬᠢ ᠶᠡᠭᠡ ᠲᠡᠭᠡᠳᠦ ᠰᠤᠷᠭᠠᠭᠤᠯᠢ ᠶᠢᠨ ᠵᠢᠩᠬᠢᠨᠢ ᠠᠩᠬᠢ ᠳᠤ 71 ᠰᠤᠷᠤᠭᠴᠢ ᠡᠯᠰᠡᠭᠳᠡᠵᠦ ᠰᠤᠷᠭᠠᠭᠤᠯᠢ ᠲᠠᠪᠰᠢᠭᠰᠠᠨ ᠨᠤᠷᠮ᠎ᠠ ᠨᠢ 37%᠎ ᠲᠤ ᠬᠦᠷᠴᠦ ᠂ ᠪᠦᠬᠦ ᠬᠤᠳᠠ ᠶᠢᠨ ᠠᠳᠠᠯᠢᠳᠬᠠᠯ ᠳᠤ ᠂ ᠨᠡᠶᠢᠬᠡᠮ ᠤᠨ ᠰᠢᠨᠵᠢᠯᠡᠬᠦ ᠤᠬᠠᠭᠠᠨ ᠤ ᠠᠩᠬᠢ ᠂ ᠪᠠᠶᠢᠭᠠᠯᠢ ᠶᠢᠨ ᠰᠢᠨᠵᠢᠯᠡᠬᠦ ᠤᠬᠠᠭᠠᠨ ᠤ ᠠᠩᠬᠢ ᠶᠢᠨ ᠮᠤᠩᠭᠤᠯ ᠬᠡᠯᠡᠨ ᠤ ᠲᠡᠭᠰᠢᠳᠭᠡᠯ ᠬᠤᠪᠢ ᠪᠠ ᠬᠠᠮᠤᠭ ᠦᠨᠳᠦᠷ ᠬᠤᠪᠢ ᠪᠠᠷ ᠢᠶᠠᠨ ᠲᠡᠷᠢᠬᠦᠯᠡᠵᠦ ᠂ ᠪᠠᠶᠢᠭᠠᠯᠢ ᠶᠢᠨ ᠰᠢᠨᠵᠢᠯᠡᠬᠦ ᠤᠬᠠᠭᠠᠨ ᠤ ᠠᠩᠬᠢ ᠶᠢᠨ ᠲᠤᠭᠠᠨ ᠤ ᠣᠬᠠᠭᠠᠨ ᠤ ᠲᠡᠭᠰᠢᠳᠭᠡᠯ ᠬᠤᠪᠢ ᠪᠠᠷ ᠢᠶᠠᠨ ᠲᠠᠳ᠋ᠯᠡᠵᠦ ᠂ ᠠᠩᠭ᠍ᠯᠢ ᠬᠡᠯᠡᠨ ᠤ ᠲᠡᠭᠰᠢᠳᠭᠡᠯ ᠬᠤᠪᠢ ᠪᠠᠷ ᠢᠶᠠᠨ ᠭᠤᠷᠪᠠᠳᠤᠭᠠᠷ ᠲᠤ ᠤᠷᠤᠭᠰᠠᠨ ᠰᠢᠯᠢᠳᠡᠭ ᠠᠮᠵᠢᠯᠳᠠ ᠶᠢ ᠤᠯᠤᠭᠰᠠᠨ ᠪᠣᠯ 2009 ᠤᠨ ᠳᠤ ᠤᠷᠤᠨ ᠤ ᠲᠤᠳᠤᠨ᠎ᠠ ᠭᠠᠳᠠᠨᠠᠬᠢ ᠶᠡᠭᠡ ᠲᠡᠭᠡᠳᠦ ᠰᠤᠷᠭᠠᠭᠤᠯᠢ ᠶᠢᠨ ᠵᠢᠩᠬᠢᠨᠢ ᠠᠩᠬᠢ ᠳᠤ 95 ᠰᠤᠷᠤᠭᠴᠢ ᠡᠯᠰᠡᠭᠳᠡᠵᠦ ᠂ ᠰᠤᠷᠭᠠᠭᠤᠯᠢ ᠲᠠᠪᠰᠢᠭᠰᠠᠨ ᠨᠤᠷᠮ᠎ᠠ 37%᠎ ᠢᠶᠠᠨ ᠪᠠᠳᠣᠯᠠᠭᠰᠠᠨ ᠪᠠᠶᠢᠨ᠎ᠠ ᠃ 
       ᠲᠡᠷᠢᠬᠦᠨ ᠤ ᠦᠢᠯᠡᠴᠢᠯᠡᠭᠡᠨ ᠪᠠᠶᠢᠮᠠᠨᠵᠢᠨ ᠰᠠᠶ᠋ᠢ ᠲᠡᠷᠢᠬᠦᠨ ᠤ ᠵᠢᠭᠠᠨ ᠰᠣᠷᠭᠠᠯᠳᠠ ᠶᠢᠨ ᠶᠠᠰᠦ ᠴᠢᠨᠠᠷ ᠪᠠᠶᠢᠳᠠᠭ ᠃ ᠨᠢᠭᠡ ᠰᠣᠷᠭᠠᠭᠤᠯᠢ ᠶᠢᠨ ᠪᠠᠭᠰᠢ ᠰᠣᠷᠣᠭᠴᠢ ᠶᠢᠨ ᠠᠮᠢᠳᠣᠷᠠᠵᠦ ᠂ ᠠᠵᠢᠯᠯᠠᠵᠦ ᠂ ᠰᠣᠷᠣᠯᠴᠠᠬᠤ ᠨᠢ ᠠᠷᠦ ᠦᠢᠯᠡᠴᠢᠯᠡᠭᠡᠨ ᠤ ᠬᠢᠨ ᠤ ᠦᠨᠳᠦᠷ ᠵᠤᠭᠰᠤᠴᠠ ᠠᠴᠠ ᠦᠭᠡᠷᠡᠴᠢᠯᠡᠯᠳᠠ ᠰᠢᠨᠡᠴᠢᠯᠡᠯᠳᠠ ᠬᠢᠬᠦ ᠠᠴᠠ ᠰᠠᠯᠵᠦ ᠴᠢᠳᠠᠬᠤ ᠦᠭᠡᠢ ᠶᠤᠮ ᠃ ᠲᠡᠶᠢᠮᠦ ᠠᠴᠠ ᠲᠣᠰ ᠰᠣᠷᠭᠠᠭᠤᠯᠢ ᠨᠢ ᠠᠷᠦ ᠦᠢᠯᠡᠴᠢᠯᠡᠭᠡᠨ ᠤ ᠠᠵᠢᠯ ᠢ ᠪᠦᠬᠦᠯᠢ ᠴᠣᠭᠴᠠ ᠶᠢᠨ ᠠᠵᠢᠯ ᠤᠨ ᠨᠢᠭᠡ ᠭᠤᠣᠯᠳᠠᠯᠭ᠎ᠠ ᠭᠡᠳᠡᠭ ᠢ ᠰᠡᠷᠭᠡᠭ ᠢᠶᠠᠷ ᠲᠠᠨᠢᠵᠦ ᠂ ᠬᠠᠮᠢᠶᠠᠷᠣᠯᠳᠠ ᠶᠢᠨ ᠴᠢᠳᠠᠪᠬᠢ ᠎ ᠶᠢᠨ ᠲᠠᠯ᠎ᠠ ᠪᠠᠷ ᠂ ᠡᠳ᠋ ᠤᠨ ᠶᠠᠪᠣᠳᠠᠯ ᠤᠨ ᠬᠠᠮᠢᠶᠠᠷᠣᠯᠳᠠ ᠂ ᠡᠳ᠋ ᠪᠣᠳᠠᠰ ᠤᠨ ᠬᠠᠮᠢᠶᠠᠷᠣᠯᠳᠠ ᠂ ᠠᠮᠢᠳᠣᠷᠠᠯ ᠤᠨ ᠬᠠᠮᠢᠶᠠᠷᠣᠯᠳᠠ ᠂ ᠣᠷᠣᠨ ᠰᠠᠭᠤᠴᠠ ᠶᠢᠨ ᠬᠠᠮᠢᠶᠠᠷᠣᠯᠳᠠ ᠂ ᠣᠷᠴᠢᠨ ᠲᠣᠭᠤᠷᠢᠨ ᠤ ᠬᠠᠮᠢᠶᠠᠷᠣᠯᠳᠠ ᠵᠡᠷᠭᠡ ᠪᠣᠳᠠᠰ ᠎ ᠤᠨ ᠬᠠᠮᠢᠶᠠᠷᠣᠯᠳᠠ ᠳᠤ ᠬᠦᠴᠦ ᠣᠷᠣᠭᠤᠯᠳᠠᠭ ᠢᠶᠠᠷ ᠪᠠᠷᠠᠬᠤ ᠦᠭᠡᠢ ᠰᠣᠷᠭᠠᠨ ᠬᠦᠮᠦᠵᠢᠬᠦᠯᠬᠦ ᠂ ᠲᠦᠷᠢᠮ ᠲᠣᠭᠳᠠᠭᠠᠬᠤ ᠂ ᠬᠤᠰᠢᠭᠤᠴᠢ ᠵᠢᠱᠢᠶᠡᠴᠢ ᠦᠢᠯᠡᠳᠦᠯ ᠢ ᠨᠢ ᠪᠠᠳᠠᠷᠠᠭᠤᠯᠬᠤ ᠵᠡᠷᠭᠡ ᠲᠠᠯ᠎ᠠ ᠪᠠᠷ ᠬᠦᠮᠦᠨ ᠤ ᠬᠠᠮᠢᠶᠠᠷᠣᠯᠳᠠ ᠳᠤ ᠣᠬᠠᠭᠠᠨ ᠢᠶᠠᠨ ᠰᠢᠪᠬᠠᠳᠠᠭ ᠃ ᠦᠢᠯᠡᠴᠢᠯᠡᠭᠡᠨ ᠤ ᠴᠢᠳᠠᠪᠬᠢ ᠶᠢᠨ ᠲᠠᠯ᠎ᠠ ᠪᠠᠷ ᠂ ᠪᠠᠭᠰᠢ ᠰᠣᠷᠣᠭᠴᠢᠳ ᠤᠨ ᠪᠣᠳᠠᠰ ᠤᠨ ᠪᠠ ᠣᠶᠣᠨ ᠤ ᠠᠮᠢᠳᠣᠷᠠᠯ ᠤᠨ ᠬᠢᠷᠢ ᠲᠦᠪᠰᠢᠨ ᠤ ᠲᠡᠭᠡᠭᠰᠢᠯᠡᠯᠳᠠ ᠶᠢ ᠲᠠᠭᠠᠵᠦ ᠬᠦᠮᠦᠨ ᠢᠶᠠᠷ ᠦᠨᠳᠦᠰᠦ ᠪᠣᠯᠭᠠᠭᠰᠠᠨ ᠦᠢᠯᠡᠴᠢᠯᠡᠭᠡᠨ ᠬᠢᠳᠡᠭ ᠢᠶᠠᠷ ᠬᠢᠴᠢᠶᠡᠯᠯᠡᠬᠦ ᠨᠦᠬᠦᠴᠡᠯ ᠂ ᠠᠮᠢᠳᠣᠷᠠᠬᠤ ᠨᠦᠬᠦᠴᠡᠯ ᠨᠡᠶᠢᠳᠡᠮ ᠰᠠᠶᠢᠵᠢᠷᠠᠵᠦ ᠰᠣᠷᠣᠭᠴᠢ ᠂ ᠭᠡᠷ ᠤᠨ ᠠᠬᠠᠮᠠᠳ ᠂ ᠨᠡᠶᠢᠭᠡᠮ ᠤᠨ ᠠᠩᠬᠠᠷᠣᠯ ᠤᠨ ᠴᠡᠭ ᠪᠣᠯᠣᠭᠰᠠᠨ ᠲᠣᠭᠤᠭᠠᠨ ᠭᠡᠷ ᠴᠦ ᠣᠷᠣᠨ ᠤ Α ᠲᠡᠰ ᠤᠨ ᠲᠣᠭᠤᠭᠠᠨ ᠭᠡᠷ ᠪᠣᠯᠵᠦ ᠂ ᠲᠣᠰ ᠰᠣᠷᠭᠠᠭᠤᠯᠢ ᠶᠢᠨ ᠦᠢᠯᠡᠴᠢᠯᠡᠭᠡᠨ ᠤ ᠨᠢᠭᠡ ᠬᠢᠯᠢᠰ ᠴᠢᠭ᠋ ᠪᠣᠯᠣᠭᠰᠠᠨ ᠶᠤᠮ ᠃ ᠠᠮᠤᠷ ᠲᠦᠪᠰᠢᠨ ᠤ ᠠᠵᠢᠯ ᠢ ᠴᠢᠩᠭᠠᠳᠬᠠᠨ ᠂ ᠭᠠᠯ ᠢ ᠰᠡᠷᠬᠡᠶᠢᠯᠡᠬᠦ ᠂ ᠬᠤᠤᠷᠳᠠᠯ ᠢ ᠰᠡᠷᠬᠡᠶᠢᠯᠡᠬᠦ ᠂ ᠬᠤᠯᠠᠭᠠᠢ ᠶᠢ ᠰᠡᠷᠬᠡᠶᠢᠯᠡᠬᠦ ᠪᠠᠷ ᠭᠤᠤᠯ ᠪᠤᠯᠭᠠᠨ ᠂ ᠲᠤᠷᠰᠢᠯᠳᠠ ᠬᠢᠬᠦ ᠂ ᠬᠦᠳᠡᠯᠮᠦᠷᠢ ᠬᠢᠬᠦ ᠂ ᠴᠡᠷᠢᠭ ᠤᠨ ᠪᠤᠯᠪᠠᠰᠤᠷᠠᠯ ᠬᠢᠬᠦ ᠂ ᠲᠠᠮᠢᠷ ᠤᠨ ᠬᠦᠳᠡᠯᠬᠡᠬᠡᠨ ᠬᠢᠬᠦ ᠂ ᠤᠯᠠᠨ ᠨᠡᠶᠢᠳᠡ ᠶᠢᠨ ᠡᠮᠬᠢ ᠲᠢᠭᠯᠢᠮ ᠂ ᠵᠠᠮ ᠨᠡᠪᠳᠡᠷᠡᠯᠬᠡ ᠶᠢᠨ ᠠᠮᠤᠷ ᠲᠦᠪᠰᠢᠨ ᠢ ᠬᠦᠢᠴᠡᠳ ᠪᠠᠳᠤᠯᠠᠭᠰᠠᠭᠠᠷ ᠢᠷᠡᠵᠡᠢ ᠃        ᠲᠤᠰ ᠰᠤᠷᠭᠠᠭᠤᠯᠢ ᠨᠢ ᠤᠳᠤ ᠤᠯᠠᠭᠠᠨᠬᠠᠳᠠ ᠬᠤᠳᠠ ᠶᠢᠨ ︽ᠨᠡᠷᠡᠳᠤ ᠰᠤᠷᠭᠠᠭᠤᠯᠢ︾᠎ ᠶᠢᠨ ᠡᠩᠨᠡᠭᠡᠨ ᠳᠤ ᠠᠯᠬᠤᠵᠤ ᠂ ᠬᠤᠳᠠ ᠶᠢᠨ ᠲᠡᠰ ᠤᠨ ︽ᠪᠤᠯᠪᠠᠰᠤᠨ ᠨᠢᠭᠡᠴᠡ︾᠂ ᠬᠤᠳᠠ ᠶᠢᠨ ᠲᠡᠰ ᠤᠨ ︽ᠦᠨᠳᠦᠰᠦᠳᠡᠨ ᠤ ᠰᠤᠷᠭᠠᠨ ᠬᠦᠮᠦᠵᠢᠯ ᠤᠨ ᠲᠡᠷᠢᠬᠦᠨ ᠤ ᠬᠠᠮᠳᠤ︾᠂ ᠬᠤᠳᠠ ᠶᠢᠨ ᠲᠡᠰ ᠤᠨ ︽ᠬᠡᠪ ᠴᠢᠨᠠᠷ ᠤᠨ ᠰᠤᠷᠭᠠᠨ ᠬᠦᠮᠦᠵᠢᠯ ᠤᠨ ᠲᠤᠷᠰᠢᠯᠳᠠ ᠶᠢᠨ ᠴᠢᠭ᠋ ᠰᠤᠷᠭᠠᠭᠤᠯᠢ︾᠂ ᠤᠷᠤᠨ ᠤ ᠲᠡᠰ ᠤᠨ ︽ᠲᠠᠩᠰᠠ ᠡᠪᠬᠡᠮᠡᠯ ᠤᠨ ᠬᠠᠮᠢᠶᠠᠷᠤᠯᠳᠠ ᠶᠢᠨ ᠨᠢᠭᠡᠳᠦᠬᠡᠷ ᠲᠡᠰ ᠤᠨ ᠪᠠᠷᠢᠮᠵᠢᠶᠠᠳᠤ ᠰᠤᠷᠭᠠᠭᠤᠯᠢ︾᠂ ᠤᠷᠤᠨ ᠤ ᠲᠠᠰ ᠤᠨ ︽ᠤᠳᠤᠬᠢᠴᠢᠯᠠᠭᠰᠠᠨ ᠵᠢᠭᠠᠨ ᠰᠤᠷᠭᠠᠬᠤ ᠮᠡᠷᠭᠡᠵᠢᠯ ᠤᠨ ᠰᠢᠯᠢᠳᠡᠭ ᠰᠤᠷᠭᠠᠭᠤᠯᠢ︾᠂ ᠤᠷᠤᠨ ᠤ ᠲᠠᠰ ᠤᠨ ︽ᠣᠯᠠᠮᠵᠢᠯᠠᠯᠳᠦ ᠪᠡᠶ᠎ᠠ ᠲᠠᠮᠢᠷ ᠤᠨ ᠲᠦᠷᠦᠯ ᠵᠦᠢᠯ ᠤᠨ ᠰᠣᠷᠭᠠᠭᠤᠯᠢ︾᠎ ᠂ ᠤᠯᠤᠰ ᠤᠨ ᠲᠡᠰ ᠤᠨ ︽ᠦᠷᠬᠦᠯᠵᠢᠯᠡᠭᠰᠡᠨ ᠰᠤᠷᠭᠠᠨ ᠬᠦᠮᠦᠵᠢᠯ ᠤᠨ ᠲᠤᠷᠰᠢᠯᠳᠠ ᠶᠢᠨ ᠰᠤᠷᠭᠠᠭᠤᠯᠢ︾᠂ ᠤᠯᠤᠰ ᠤᠨ ᠲᠡᠰ ᠤᠨ ︽ᠭᠤᠷᠪᠠᠨ ᠬᠦᠮᠦᠵᠢᠯ ᠤᠨ ᠪᠦᠬᠦᠯᠢ ᠴᠤᠭᠴᠠᠳᠤ ᠦᠬᠡᠷᠡᠴᠢᠯᠡᠯᠳᠡ︾᠎ ᠶᠢᠨ ᠲᠤᠷᠰᠢᠯᠳᠠ ᠶᠢᠨ ᠰᠠᠭᠤᠷᠢᠨ ᠭᠠᠵᠠᠷ ᠂ ᠤᠯᠤᠰ ᠤᠨ ᠲᠡᠰ ᠤᠨ ︽ᠮᠤᠷᠠᠯ ᠤᠨ ᠬᠦᠮᠦᠵᠢᠯ ᠤᠨ ᠲᠤᠷᠰᠢᠯᠳᠠ ᠶᠢᠨ ᠴᠢᠭ᠋ ᠰᠤᠷᠭᠠᠭᠤᠯᠢ︾ ᠭᠡᠰᠡᠨ ᠤᠯᠠᠨ ᠰᠠᠶᠢᠬᠠᠨ ᠢᠷᠠᠭᠤ ᠠᠯᠳᠠᠷ ᠢᠶᠠᠷ ᠮᠢᠯᠢᠶᠠᠯᠭᠠᠵᠦ ᠶᠠᠪᠤᠨ᠎ᠠ ᠃        ᠠᠮᠵᠢᠯᠳᠠ ᠪᠦᠬᠦᠨ ᠦᠴᠦᠭᠡᠳᠦᠷ ᠤᠨ ᠬᠢ ᠶᠢ ᠲᠦᠯᠦᠭᠡᠯᠡᠨ᠎ᠡ ᠂ ᠠᠯᠳᠠᠷ ᠭᠠᠪᠢᠶ᠎ᠠ ᠂ ᠱᠠᠩᠨᠠᠯ ᠬᠦᠬᠢᠬᠦᠯᠦᠯ ᠨᠢ ᠲᠣᠰ ᠰᠤᠷᠭᠠᠭᠤᠯᠢ ᠶᠢᠨ ᠢᠷᠡᠬᠦ ᠮᠠᠷᠭᠠᠰᠢ ᠶᠢᠨ ᠭᠡᠷᠡᠯ ᠬᠢᠯᠪᠠᠭ᠎ᠠ ᠶᠢ ᠮᠦᠩᠭᠡ ᠨᠣᠳᠠᠯᠠᠬᠤ ᠪᠢᠰᠢ ᠂ ᠬᠠᠷᠢᠨ ᠡᠯᠢᠭᠡᠨ ᠠᠴᠠ ᠨᠢ ᠠᠵᠢᠯ ᠤᠨ ᠡᠷᠴᠢ ᠂ ᠡᠷᠳᠠᠮ ᠤᠨ ᠰᠢᠮ᠎ᠠ ᠶᠢ ᠬᠦᠷᠳᠡᠭᠰᠠᠨ ᠪᠠᠭᠰᠢ ᠠᠵᠢᠯᠳᠠᠨ ᠬᠢᠭᠡᠳ ᠡᠩᠬᠦᠷᠡᠢ ᠣᠯᠠᠨ ᠰᠣᠷᠣᠭᠴᠢᠳ ᠨᠢ ᠰᠣᠷᠭᠠᠭᠤᠯᠢ ᠶᠢᠨ ᠢᠶᠠᠨ ᠬᠦᠭᠵᠢᠯ ᠤᠨ ᠲᠡᠣᠬᠡ ᠶᠢ ᠵᠠᠯᠭᠠᠵᠦ ᠪᠢᠴᠢᠬᠦ ᠣᠴᠢᠷᠳᠠᠢ        ᠬᠦᠩᠭᠡᠷ ᠤᠨ ᠭᠤᠣᠯ ᠂ ᠱᠠᠷ ᠤᠨ ᠭᠤᠣᠯ ᠂ ᠵᠢᠷᠢ ᠶᠢᠨ ᠭᠤᠣᠯ ᠂ ᠪᠢᠷᠠᠭᠤ ᠭᠤᠣᠯ ᠂ ᠰᠢᠷ᠎ᠠ ᠮᠦᠷᠡᠨ ᠁ ᠭᠡᠵᠦ ᠰᠠᠶᠢᠬᠠᠨ ᠰᠠᠶᠢᠬᠠᠨ ᠭᠤᠣᠯ ᠮᠦᠷᠠᠨ ᠭᠡᠰᠢᠭᠳᠡᠨ ᠭᠡᠳᠡᠭ ᠲᠠᠩᠰᠤᠭ ᠪᠠᠶᠢᠭᠠᠯᠢ ᠠᠴᠠ ᠡᠬᠢ ᠠᠪᠴᠦ ᠦᠨᠳᠦᠷ ᠪᠣᠭᠤᠨᠢ ᠦᠷᠭᠡᠷᠢᠭ ᠦᠭᠡᠳᠠ ᠡᠯᠢᠭᠡ ᠪᠠᠨ ᠲᠡᠯᠡᠵᠦ ᠰᠢᠮ᠎ᠠ ᠪᠠᠨ ᠦᠭᠴᠦ ᠪᠠᠶᠢᠭᠠᠯᠢ ᠭᠡᠳᠡᠭ ᠶᠡᠭᠡ ᠬᠦᠭᠵᠢᠮ ᠳᠤ ᠨᠣᠲ ᠨᠡᠶᠢᠯᠡᠭᠦᠯᠬᠦ ᠨᠢ ᠣᠴᠢᠷᠳᠠᠢ︕        ᠪᠢᠷᠠᠭᠤ ᠳᠠᠬᠢ ᠮᠣᠩᠭᠤᠯ ᠦᠨᠳᠦᠰᠣᠳᠠᠨ ᠤ ᠲᠣᠮᠳᠠᠳᠣ ᠰᠣᠷᠭᠠᠭᠤᠯᠢ ᠭᠡᠳᠡᠭ ᠰᠣᠶᠣᠯ ᠤᠨ ᠠᠷᠢᠭᠤᠨ ᠭᠤᠯᠣᠮᠳᠠ ᠠᠴᠠ ᠣᠴᠢᠯᠠᠨ ᠭᠠᠷᠣᠭᠰᠠᠨ ᠦᠶ᠎ᠠ ᠦᠶ᠎ᠠ ᠶᠢᠨ ᠰᠠᠶᠢᠬᠠᠨ ᠰᠠᠶᠢᠬᠠᠨ ᠰᠣᠷᠣᠭᠴᠢᠳ ᠨᠢ ᠦᠪᠡᠷ ᠦᠪᠡᠷ ᠤᠨ ᠦᠩᠭᠡ ᠪᠠᠷ ᠢᠶᠠᠷ ᠲᠠᠪᠣᠨ ᠲᠢᠪ ᠲᠤ ᠮᠦᠷ ᠢᠶᠠᠨ ᠦᠯᠡᠳᠡᠭᠡᠵᠦ ᠨᠡᠷ᠎ᠠ ᠪᠠᠨ ᠡᠷᠭᠦᠵᠦ ᠂ ᠨᠡᠶᠢᠭᠡᠮ ᠭᠡᠬᠦ ᠶᠡᠭᠡ ᠠᠶᠠᠰ ᠲᠤ ᠭᠦᠭ ᠨᠡᠶᠢᠯᠡᠬᠦᠯᠬᠦ ᠨᠢ ᠣᠴᠢᠷᠳᠠᠢ︕        ᠲᠡᠷᠠ ᠣᠴᠢᠷ ᠤᠳ ᠨᠡᠭᠦᠳᠠᠯ ᠰᠣᠶᠣᠯ ᠤᠨ ᠠᠶᠠᠨ ᠢᠶᠠᠷ ᠶᠢᠷᠳᠢᠨᠴᠤ ᠶᠢᠨ ᠬᠦᠭ ᠠᠶᠠᠰ ᠢ ᠨᠠᠶᠢᠷᠠᠵᠦ ᠨᠡᠭᠦᠳᠡᠯᠴᠢᠨ ᠮᠣᠩᠭᠤᠯ ᠰᠣᠷᠭᠠᠭᠤᠯᠢ ᠶᠢᠨ ᠮᠠᠷᠭᠠᠰᠢ ᠶᠢ ᠨᠡᠩ ᠭᠡᠭᠡᠨ ᠰᠠᠷᠠᠭᠤᠯ ᠵᠦᠭ ᠨᠡᠭᠦᠯᠭᠡᠨ᠎ᠠ ᠭᠡᠳᠡᠭ ᠎ ᠲᠤ ᠪᠢᠳᠠ ᠪᠠᠳᠣ ᠢᠳᠡᠭᠡᠯ ᠲᠠᠢ ᠶᠠᠪᠤᠨ᠎ᠠ᠃ 
       ᠭᠠᠨᠵᠤᠭ᠎ᠠ ᠳᠤ ᠪᠣᠯᠤᠭᠰᠠᠨ ᠪᠠᠶᠠᠨ ᠪᠦᠷᠢᠳᠦ ᠵᠣᠬᠢᠶᠡᠯ ᠤᠨ ᠣᠷᠣᠯᠳᠣᠭᠠᠨ ᠳᠤ 
       ᠤᠷᠴᠢᠨ ᠲᠤᠭᠤᠷᠢᠨ ᠤ ᠲᠣᠬᠠᠢ ᠵᠣᠬᠢᠶᠠᠯ ᠤᠨ ᠣᠷᠣᠯᠳᠣᠭᠠᠨ 
       ᠳ᠋ᠠᠪᠠᠨ ᠳᠤ ᠪᠣᠯᠣᠭᠰᠠᠨ ᠬᠢᠶᠠᠨ ᠴᠣᠮᠣ ᠵᠣᠬᠢᠶᠡᠯ ᠤᠨ ᠣᠷᠣᠯᠳᠣᠭᠠᠨ ᠳᠤ  
 
ᠢᠷᠡᠯᠲᠡ᠄ www.kqmw.gov.cn
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号