ᠴᠠᠭ ᠤᠨ ᠬᠤᠶᠠᠷ ᠦᠷᠳᠡᠭᠡ
ᠨᠡᠶᠢᠲᠡᠯᠡᠭᠰᠡᠨ ᠴᠠᠭ᠄
2009/12/21
                                      ᠦᠴᠦᠬᠡᠳᠦᠷ  ᠦᠯᠦᠬᠡᠢ ᠬᠡᠳᠡᠭ ᠨᠤᠳᠤᠭ ᠢᠶᠠᠨ ᠦᠭᠬᠢᠶᠡᠮᠦᠷᠯᠡᠵᠤ ᠪᠤᠰᠤᠳ ᠲᠤ ᠡᠷᠬᠦᠬᠡ ᠦᠬᠡᠢ ᠦᠮᠴᠢ ᠬᠡᠳᠡᠭ ᠮᠠᠯ ᠢᠶᠠᠨᠦᠭᠯᠢᠬᠡ ᠪᠤᠯᠭᠠᠨ ᠬᠠᠶᠢᠷᠠᠯᠠᠭ᠎ᠠ ᠦᠬᠡᠢ              ᠡᠬᠡ ᠬᠡᠳᠡᠭ ᠬᠡᠯᠡ ᠪᠠᠨ ᠡᠷᠢᠨ ᠤ ᠲᠡᠪᠵᠢᠶᠡᠨ ᠳᠤ ᠬᠠᠶᠠᠭ᠎ᠠ ᠦᠬᠡᠢᠡᠴᠢᠬᠡ ᠬᠡᠳᠡᠭ ᠲᠡᠭᠷᠢ ᠪᠠᠨᠠᠳᠡᠬᠦᠷᠡᠵᠤ ᠲᠡᠳᠡ ᠭᠤᠮᠤᠳᠠᠭᠠᠭ᠎ᠠ ᠦᠬᠡᠢ   ᠮᠤᠩᠭᠤᠯ ᠬᠡᠳᠡᠭ ᠨᠡᠷ᠎ᠡ ᠪᠠᠨᠮᠤᠬᠤᠭᠠᠵᠤ ᠲᠡᠳᠡ ᠰᠢᠷᠤᠶᠢᠳᠠᠭᠤᠯᠤᠭ᠎ᠠ ᠦᠬᠡᠢᠮᠢᠨᠤᠬᠢ ᠬᠡᠳᠡᠭ ᠰᠦᠰᠦ ᠪᠠᠨᠮᠤᠯᠳᠤᠷᠠᠭᠤᠯᠵᠤ ᠲᠡᠳᠡᠨ ᠴᠢᠷᠦᠬᠦᠯᠦᠬᠡ ᠦᠬᠡᠢ              ᠦᠴᠦᠬᠡᠳᠦᠷ ᠤᠨ ᠮᠠᠨ ᠤ ᠮᠤᠩᠭᠤᠯᠦᠬᠡᠳᠡ ᠲᠠᠢ ᠯᠠ ᠶᠠᠪᠤᠭᠰᠠᠨ ᠤᠮᠤᠭᠦᠷᠬᠡᠨ ᠲᠡᠯᠡᠬᠡᠢ ᠶᠢᠨ ᠨᠢᠷᠤᠭᠤᠨ ᠳᠤᠦᠪ ᠲᠠᠢ ᠯᠠ ᠢᠷᠡᠭᠰᠡᠨ ᠲᠤᠮᠤᠭ᠃                                         ᠦᠨᠦᠳᠦᠷ ᠲᠤᠭᠠᠳᠠᠢ ᠬᠡᠳᠦᠨ ᠮᠠᠯ ᠢᠶᠠᠨᠲᠤᠤᠷ ᠲᠤ ᠤᠷᠤᠭᠤᠯᠵᠤ ᠬᠤᠷᠢᠴᠢᠬᠠᠭᠠᠳᠲᠤᠭᠤᠨᠤᠳᠤ ᠮᠤᠩᠭᠤᠯ ᠬᠡᠷ ᠢᠶᠠᠨᠲᠤᠭᠯᠠᠭᠠᠮ ᠤᠨ ᠭᠠᠵᠠᠷ ᠠᠷᠠᠯᠵᠢᠴᠢᠬᠠᠭᠠᠳᠮᠤᠷᠢ ᠬᠡᠳᠡᠭ ᠲᠦᠰᠢᠭ ᠢᠶᠠᠨ   ᠮᠤᠲ᠋ᠤᠷ ᠢᠶᠠᠷ ᠰᠤᠯᠢᠵᠤ ᠬᠠᠪᠴᠢᠴᠢᠬᠠᠭᠠᠳᠮᠤᠯᠤᠷ ᠬᠡᠳᠡᠭ ᠨᠤᠳᠤᠭ ᠢᠶᠠᠨᠮᠦᠩᠬᠦ ᠪᠠᠷ ᠲᠠᠩᠰᠠᠯᠠᠵᠤ ᠲᠠᠨᠵᠢᠯᠠᠴᠢᠬᠠᠭᠠᠳ                  ᠲᠡᠦᠬᠡᠨ ᠬᠠᠯᠠᠭᠤᠨ ᠢ ᠲᠠᠭᠠᠬᠤ ᠬᠡᠳᠲᠡᠭ ᠲᠤᠮᠳᠠᠭᠤᠷ ᠨᠢ ᠲᠡᠷᠪᠡᠭᠰᠡᠬᠡᠷᠲᠡᠩᠳᠠ ᠶᠠᠭᠠᠬᠢᠬᠤ ᠪᠠᠨ ᠮᠡᠳᠡᠬᠦ ᠦᠬᠡᠢᠲᠡᠨᠦᠬᠦᠯ ᠬᠡᠰᠦᠬᠦᠯ ᠮᠠᠴᠤᠭᠰᠠᠭᠠᠷ                  ᠨᠡᠶᠢᠬᠡᠮ ᠤᠨ ᠤᠷᠤᠰᠬᠠᠯ ᠠᠴᠠ ᠬᠤᠴᠤᠷᠬᠤ ᠦᠬᠡᠢ ᠬᠡᠳᠨᠢᠬᠡᠮᠦᠰᠦᠨ ᠠᠩᠩᠯᠢ ᠪᠠᠷ ᠶᠠᠷᠢᠭᠰᠠᠭᠠᠷᠨᠢᠬᠡ ᠮᠡᠳᠡᠬᠦ ᠳᠤ ᠦᠪᠡᠷ ᠢᠶᠠᠨᠨᠠᠭᠠᠳᠤᠮ ᠲᠤᠭᠤᠬᠢ ᠳᠤ ᠤᠨᠠᠴᠢᠬᠠᠭᠠᠳ                  ᠦᠨᠦᠳᠦᠷ ᠤᠨ ᠮᠠᠨ ᠤ ᠮᠤᠩᠭᠤᠯᠦᠷᠦᠬᠡᠰᠦᠨ ᠬᠦᠯ ᠢᠶᠠᠨ ᠠᠯᠳᠠᠪᠠ ᠤᠤ︖ᠦᠷᠨᠢᠭᠰᠡᠨ ᠲᠡᠦᠬᠡᠨ ᠭᠠᠶᠢᠬᠠᠮᠰᠢᠭ ᠢᠶᠠᠨᠦᠷᠪᠡᠯᠵᠡᠭᠰᠡᠨ ᠭᠠᠯ ᠳᠤ ᠰᠢᠳᠡᠬᠦ ᠤᠤ︖  ︽ ᠮᠤᠩᠭᠤᠯ ᠤᠨ ᠨᠢᠭᠤᠴᠠ ᠲᠤᠪᠴᠢᠶᠠᠨ︾  ᠢᠶᠠᠨᠮᠦᠽᠸᠢ ᠳᠤ ᠦᠷᠦᠬᠡᠳ ᠱᠤᠬᠤᠭᠤᠷᠬᠠᠬᠤ ᠤᠤ︖ᠮᠦᠩᠬᠡ ᠶᠢᠨ ᠰᠦᠯᠳᠠ ᠴᠢᠩᠬᠢᠰ ᠢᠶᠠᠨᠮᠦᠯᠢᠭᠰᠡᠨ ᠯᠤᠩᠬᠤᠨ ᠳᠤ ᠨᠠᠭᠠᠬᠤ ᠤᠤ︖                  ᠲᠠᠪᠤᠨ ᠬᠤᠰᠢᠭᠤ ᠮᠠᠯ ᠢᠶᠠᠨᠲᠡᠦᠬᠡ ᠲᠠᠢ ᠪᠠᠨ ᠬᠠᠮᠳᠤ ᠤᠷᠤᠰᠬᠠᠬᠤ ᠤᠤ︖ᠲᠡᠶᠢᠮᠦ ᠨᠢᠬᠡ ᠪᠠᠶᠢᠭᠰᠠᠨ ᠬᠡᠵᠤᠲᠡᠮᠦᠷ ᠱᠤᠭᠤᠮᠠᠯ ᠢ ᠨᠢ ᠬᠠᠷᠠᠬᠤ ᠤᠤ︖               ᠢᠷᠡᠬᠡᠳᠦᠢ ᠳᠤ ᠮᠤᠩᠭᠤᠯ ᠮᠢᠨᠤᠶᠢᠷᠳᠢᠨᠴᠤ ᠶᠢᠨ ᠪᠠᠶᠢᠷᠢ ᠳᠤ ᠶᠠᠭᠠᠬᠢᠳᠠᠭ ᠪᠣᠯ︖ᠢᠯᠴᠢᠬᠢᠨᠡᠭᠰᠡᠨ ᠬᠠᠶᠢᠷ᠎ᠠ ᠲᠠᠢ ᠨᠠᠯᠤᠶᠢᠳᠠᠭ ᠪᠣᠯ ᠤᠤ︖ᠢᠯᠵᠢᠷᠠᠭᠰᠠᠨ ᠦᠨᠦᠷ ᠲᠠᠢ ᠨᠠᠮᠤᠶᠢᠳᠠᠭ ᠴᠦ ᠪᠣᠯ ᠤᠤ︖                                                                                               ᠵᠢᠯᠤᠭᠤᠳᠤᠭᠰᠠᠨ ᠪᠠᠭᠰᠢ᠄  ᠪᠤᠤ ᠶᠢᠨ ᠱᠠᠨ 
 
ᠢᠷᠡᠯᠲᠡ᠄ www.kqmw.gov.cn
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号