| | | ᠠᠷᠪᠠᠨ ᠭᠤᠷᠪᠠᠳᠣᠭᠠᠷ ᠵᠠᠭᠤᠨ ᠤ ᠡᠬᠢ ᠪᠠᠷ ᠠᠷᠣ ᠭᠠᠵᠠᠷ ᠮᠣᠩᠭᠤᠯ ᠦᠨᠳᠦᠰᠦᠳᠡᠨ | ᠬᠦᠭᠵᠢᠨ ᠮᠠᠨᠳᠣᠵᠦ᠂ ᠮᠣᠷᠢᠨ ᠳᠣᠭᠤᠷᠠᠢ ᠪᠠᠷ ᠠᠽᠢᠶ᠎ᠠ᠂ ᠡᠸᠦ᠋ᠷᠣᠫᠠ ᠶᠢ ᠵᠠᠶᠢᠳᠠᠯᠠᠭᠰᠠᠨ ᠬᠦᠴᠦᠷᠬᠡᠭ | ᠦᠨᠳᠦᠰᠦᠳᠡᠨ ᠪᠣᠯᠵᠦ ᠬᠦᠮᠦᠨ ᠠᠮᠠ ᠵᠣᠵᠠᠭᠠᠷᠠᠭᠰᠠᠨ ᠮᠣᠨᠳᠠᠭ ᠣᠭᠰᠠᠭᠠᠳᠠᠨ ᠳᠡᠣᠬᠡ ᠶᠢᠨ ᠳᠠᠪᠴᠠᠩ ᠳᠡᠭᠡᠷ᠎ᠡ | ᠬᠡᠳᠡᠶᠢᠵᠦ ᠪᠠᠶᠢᠵᠠᠢ᠃ ᠳᠡᠣᠬᠡᠨ ᠬᠦᠷᠳᠦ ᠡᠷᠬᠢᠯᠳᠦᠭᠰᠡᠬᠡᠷ ᠪᠠᠶᠢᠵᠦ ᠴᠢᠩ ᠤᠨ ᠵᠠᠬᠢᠷᠭᠠᠨ ᠳᠤ ᠣᠷᠣᠭᠰᠠᠨ ᠠᠴᠠ | ᠬᠤᠶᠢᠰᠢ ᠬᠦᠮᠦᠨ ᠠᠮᠠ ᠶᠢᠨ ᠦᠰᠦᠯᠳᠡ ᠣᠭᠵᠢᠮ ᠪᠠᠭᠤᠷᠠᠵᠦ᠂ ᠳᠠᠶᠢᠨ ᠪᠠᠶᠢᠯᠳᠣᠭᠠᠨ ᠳᠤ ᠬᠤᠬᠢᠷᠠᠭᠰᠠᠳ ᠪᠣᠯᠣᠨ | ᠡᠵᠡᠯᠡᠭᠰᠡᠨ ᠣᠷᠣᠨ ᠳᠠᠭᠠᠨ ᠦᠯᠡᠳᠡᠵᠦ ᠬᠠᠶᠢᠯᠣᠭᠰᠠᠨ ᠨᠢᠬᠡ ᠪᠦᠯᠦᠭ ᠣᠯᠣᠰ ᠢ ᠭᠠᠷᠭᠠᠭᠠᠳ ᠭᠤᠪᠢ ᠶᠢᠨ ᠡᠮᠦᠨᠡᠳᠦ | ᠣᠮᠠᠷ᠎ᠠ ᠳᠤ ᠳᠠᠷᠬᠠᠨ ᠦᠯᠡᠳᠡᠭᠰᠡᠳ ᠢ ᠴᠢᠩ ᠤᠨ ᠵᠠᠰᠠᠭ ᠤᠨ ᠭᠠᠵᠠᠷ ︿︿ᠮᠣᠩᠭᠤᠯ ᠢ ᠡᠵᠡᠮᠰᠢᠬᠦ ᠳᠤ ᠠᠷᠪᠠᠨ | ᠳᠦᠮᠡᠨ ᠴᠡᠷᠢᠭ ᠳᠡᠵᠢᠬᠡᠬᠦ ᠶᠢᠨ ᠣᠷᠣᠨ ᠳᠤ ᠨᠢᠬᠡ ᠰᠦᠮ᠎ᠡ ᠪᠠᠷᠢᠪᠠᠯ ᠬᠤᠯᠠ ᠣᠯᠵᠠᠪᠣᠷᠢᠳᠠᠢ﹀﹀ ︵1︶ ᠬᠡᠬᠦ | ᠬᠦᠳᠦᠯᠪᠦᠷᠢ ᠪᠠᠷ ᠵᠠᠰᠠᠭ ᠶᠠᠪᠣᠭᠤᠯᠵᠦ᠂ ᠮᠣᠩᠭᠤᠯ ᠤᠨ ᠭᠠᠳᠠᠭᠠᠳᠦ ᠳᠣᠳᠣᠭᠠᠳᠣ ᠬᠤᠰᠢᠭᠤᠨ ᠤ ᠭᠠᠵᠠᠷ ᠲᠤ | 50 ᠡᠷᠣᠬᠡ ᠠᠴᠠ ᠳᠡᠭᠡᠭᠰᠢ ᠪᠣᠯ ᠨᠢᠬᠡ ᠰᠦᠮ᠎ᠡ ᠪᠠᠷᠢᠵᠦ ᠪᠣᠯᠣᠨ᠎ᠠ ︵2︶ ᠬᠡᠵᠦ ᠣᠷᠢᠶᠠᠯᠠᠨ ᠵᠣᠷᠢᠭᠵᠢᠭᠤᠯᠣᠭᠠᠳ᠂ | ᠳᠦᠷᠦ ᠬᠦᠷᠦᠨ ᠠᠴᠠ ᠰᠦᠮ᠎ᠡ ᠪᠠᠷᠢᠭᠰᠠᠳ ᠢ ᠵᠣᠭᠤᠰ ᠢᠶᠠᠷ ᠳᠡᠮᠵᠢᠨ ᠮᠦᠩᠬᠦ ᠪᠠᠷ ᠳᠣᠰᠠᠯᠠᠭᠰᠠᠨ ᠢᠶᠠᠷ ᠂ | ᠮᠣᠩᠭᠤᠯ ᠤᠨ ᠦᠨᠳᠦᠷᠯᠢᠭ ᠳᠡᠭᠡᠷ᠎ᠡ ᠰᠦᠮ᠎ᠡ ᠪᠠᠷᠢᠬᠤ ᠦᠷᠨᠢᠯᠳᠡ ᠭᠠᠷᠴᠦ᠂ 1936 ᠣᠨ ᠤ ᠡᠴᠦᠰ ᠪᠣᠯᠳᠠᠯ᠎ᠠ | ᠵᠦᠪᠬᠡᠨ ᠦᠪᠦᠷ ᠮᠣᠩᠭᠤᠯ ᠳᠤ 1299 ᠰᠦᠮ᠎ᠡ ᠪᠠᠶᠢᠭᠤᠯᠣᠭᠳᠠᠭᠰᠠᠨ(3) ᠪᠠᠶᠢᠵᠠᠢ᠃ | ᠳᠡᠭᠷᠢ ᠳᠡᠳᠬᠦᠭᠴᠢ ᠬᠠᠭᠠᠨ᠄ ︿︿ᠮᠣᠩᠭᠤᠯᠴᠣᠳ ᠪᠣᠷᠬᠠᠨ ᠱᠠᠰᠢᠨ ᠢ ᠭᠠᠭᠴᠠ ᠰᠡᠳᠬᠢᠯ | ᠢᠶᠠᠷ ᠰᠢᠳᠦᠵᠦ᠂ ᠯᠠᠮᠠ ᠶᠢ ᠶᠡᠬᠡᠯ᠎ᠡ ᠪᠢᠰᠢᠷᠡᠨ ᠰᠦᠵᠢᠭᠯᠡᠬᠦ ᠳᠣᠯᠠ ᠡᠬᠦᠨ ᠢ ᠬᠠᠮᠠᠭᠠᠯᠠᠬᠤ ᠦᠭᠡᠢ ᠪᠠᠶᠢᠵᠦ ᠦᠯᠦ | ᠪᠣᠯᠣᠮᠣᠢ᠃ ᠡᠬᠦᠨ ᠢᠶᠠᠷ ᠮᠣᠩᠭᠤᠯ ᠢ ᠢᠯᠪᠢᠨ ᠵᠠᠰᠠᠬᠤ ᠳᠦᠷᠦ ᠶᠢᠨ ᠪᠣᠳᠣᠯᠭ᠎ᠠ ᠪᠣᠯᠭᠠᠵᠦ ᠪᠣᠯᠣᠮᠣᠢ᠂᠂᠂᠂᠂﹀﹀ | ︵4︶ ᠬᠡᠵᠡᠢ᠃ ᠢᠩᠬᠢᠬᠡᠳ ᠴᠢᠩ ᠤᠨ ᠵᠠᠰᠠᠭ ᠶᠡᠭᠡ ᠬᠦᠴᠦ ᠭᠠᠷᠭᠠᠨ ᠰᠦᠮ᠎ᠡ ᠪᠠᠷᠢᠬᠤ ᠶᠢ ᠵᠣᠷᠢᠭᠵᠢᠭᠤᠯᠵᠦ᠂ | ᠡᠵᠡᠨ ᠬᠠᠭᠠᠨ ᠦᠪᠡᠷ ᠤᠨ ᠪᠡᠶ᠎ᠡ ᠪᠠᠷ ᠢᠶᠠᠨ ᠰᠦᠮ᠎ᠡ ᠶᠢᠨ ᠨᠡᠷ᠎ᠡ— ᠢᠯᠡᠷᠬᠡᠶᠢᠯᠡᠯ ᠪᠢᠴᠢᠬᠡᠳ ᠱᠠᠩᠨᠠᠳᠠᠭ ᠪᠦᠬᠡᠳ | ᠯᠠᠮᠠ ᠪᠣᠯᠣᠭᠰᠠᠳ ᠲᠤ ᠣᠨᠴᠠ ᠬᠠᠷᠠᠭᠠᠯᠵᠠᠯ ᠦᠵᠡᠭᠦᠯᠦᠨ ᠣᠯᠣᠰ ᠠᠴᠠ ᠭᠠᠶᠢᠯᠢ ᠳᠠᠳᠠᠪᠣᠷᠢ ᠠᠪᠬᠤ ᠦᠭᠡᠢ᠂ | ᠴᠡᠷᠢᠭ ᠲᠤ ᠳᠠᠳᠠᠬᠤ ᠦᠭᠡᠢ᠂ ᠦᠷᠳᠡᠭᠡ ᠣᠯᠠᠭ᠎ᠠ ᠶᠢᠨ ᠠᠯᠪᠠ ᠣᠨᠣᠭᠳᠠᠭᠤᠯᠬᠤ ᠦᠭᠡᠢ ᠴᠢᠯᠦᠬᠡᠳᠡᠢ ᠪᠣᠯᠭᠠᠪᠠ᠃ | ᠳᠡᠭᠷᠢ ᠳᠡᠳᠬᠦᠭᠴᠢ ᠶᠢᠨ ᠡᠨᠡᠬᠦ ᠳᠦᠷᠦ ᠶᠢᠨ ᠪᠣᠳᠣᠯᠭ᠎ᠠ ᠶᠡᠬᠡᠯ᠎ᠡ ᠢᠯᠭᠤᠮ ᠳᠣᠣᠱᠯᠠᠭᠳᠠᠵᠦ ᠮᠣᠩᠭᠤᠯ ᠣᠷᠣᠨ ᠳᠤ | ᠰᠦᠮ᠎ᠡ ᠣᠯᠠᠰᠢᠷᠠᠨ ᠯᠠᠮᠠ ᠠᠷᠪᠢᠳᠣᠭᠰᠠᠭᠠᠷ ᠪᠠᠶᠢᠭᠠᠳ ︿︿ᠬᠠᠮᠤᠭ ᠣᠯᠠᠨ ᠦᠶ᠎ᠡ ᠳᠡᠭᠡᠨ ᠮᠣᠩᠭᠤᠯ ᠦᠨᠳᠦᠰᠦᠳᠡᠨ | ᠤ ᠬᠦᠮᠦᠨ ᠠᠮᠠ ᠶᠢᠨ ᠭᠤᠷᠪᠠᠨ ᠤ ᠨᠢᠬᠡ ᠶᠢ ᠡᠵᠡᠯᠡᠬᠦ ᠰᠢᠬᠠᠪᠠ﹀﹀ ︵5︶᠃ ᠮᠣᠩᠭᠤᠯ ᠣᠯᠣᠰ ᠤᠨ ᠪᠦᠷᠢᠳᠬᠡᠯ | ᠳᠤ ᠯᠠᠮᠠ ᠪᠣᠯᠣᠭᠰᠠᠳ ᠤᠨ ᠬᠠᠷᠢᠴᠠᠯ ᠳᠤᠭ᠎ᠠ ᠨᠢ ᠦᠪᠦᠷ ᠮᠣᠩᠭᠤᠯ ᠠᠴᠠ ᠳᠠᠪᠠᠭᠰᠠᠨ ᠪᠠᠶᠢᠳᠠᠭ᠃ ᠭᠠᠭᠴᠠ ᠬᠦ | ᠪᠠᠭᠠᠷᠢᠨ ᠪᠠᠷᠠᠭᠤᠨ ᠬᠤᠰᠢᠭᠤ 1904 ᠣᠨ ᠳᠤ 4053 ᠯᠠᠮᠠ ᠲᠠᠢ ᠪᠠᠶᠢᠵᠦ᠂ ᠳᠣᠬᠠᠢ ᠶᠢᠨ ᠦᠶ᠎ᠡ ᠶᠢᠨ | ᠬᠦᠮᠦᠨ ᠠᠮᠠ ᠶᠢᠨ ᠳᠦᠷᠪᠡᠨ ᠤ ᠨᠢᠬᠡ ᠠᠴᠠ ᠢᠯᠡᠬᠦᠦ ᠪᠠᠶᠢᠵᠠᠢ ︵6︶᠃ | ᠰᠠᠶᠢᠰᠢᠶᠠᠯᠳᠦ ᠢᠷᠦᠭᠡᠯᠳᠦ ᠬᠠᠭᠠᠨ 1819 ᠣᠨ ᠳᠤ᠂ ᠬᠢᠳᠠᠳ ᠪᠢᠴᠢᠭ ᠤᠨ ᠳᠦᠰᠢᠮᠡᠯ | ᠤᠨ ᠰᠠᠨᠠᠭᠤᠯᠭ᠎ᠠ ᠪᠠᠷ ︿︿ᠮᠣᠩᠭᠤᠯ ᠯᠠᠮᠠ ᠶᠢᠨ ᠣᠷᠤᠭ ᠪᠠᠷᠢᠯᠳᠣᠵᠦ ᠡᠬᠡᠨᠡᠷ ᠠᠪᠬᠤ ᠶᠢ ᠬᠠᠣᠯᠢ ᠪᠠᠷ ᠴᠠᠭᠠᠵᠠᠯᠠᠵᠠᠢ | ︵7︶﹀﹀ ᠴᠢᠩ ᠣᠯᠣᠰ ᠤᠨ ᠡᠳᠡᠬᠡᠷ ᠴᠢᠭᠯᠡᠯᠳᠡ᠂ ᠳᠦᠷᠦ ᠶᠢᠨ ᠪᠣᠳᠣᠯᠭ᠎ᠠ ᠨᠢ ᠮᠤᠩᠭᠤᠯ ᠤᠨ ᠬᠦᠴᠦ ᠶᠢ | ᠪᠠᠭᠤᠷᠠᠭᠤᠯᠣᠨ ᠣᠶᠣᠨ ᠣᠬᠠᠭᠠᠨ ᠶᠢ ᠨᠢ ᠮᠣᠩᠬᠠᠷᠠᠭᠤᠯᠵᠦ᠂ ᠬᠦᠮᠦᠨ ᠠᠮᠠ ᠶᠢ ᠨᠢ ᠴᠦᠬᠡᠳᠬᠡᠬᠦ ᠠᠷᠭ᠎ᠠ ᠪᠣᠳᠣᠯᠭ᠎ᠠ | ᠨᠢ ᠰᠠᠭᠠᠳ ᠦᠭᠡᠢ ᠬᠡᠷᠡᠭᠵᠢᠬᠦᠯᠦᠭᠳᠡᠬᠦ ᠵᠠᠮ ᠢ ᠨᠡᠬᠡᠬᠡᠭᠰᠡᠨ ᠪᠠᠶᠢᠵᠠᠢ᠃ ᠰᠡᠬᠦᠯᠳᠡᠵᠦ ᠢᠷᠡᠬᠡᠳ ᠰᠦᠮ᠎ᠡ ᠨᠢᠬᠡᠮᠦᠰᠦᠨ | ᠠᠷᠪᠢᠳᠣᠭᠠᠳ ᠯᠠᠮᠠ ᠣᠯᠠᠰᠢᠷᠠᠭᠰᠠᠨ ᠠᠴᠠ ᠴᠢᠩ ᠤᠨ ᠵᠠᠰᠠᠭ ᠠᠴᠠ ᠣᠣᠯ ᠤᠨ ᠣᠯᠠᠨ ᠬᠠᠷᠠᠭᠠᠯᠵᠠᠯ ᠤᠨ ᠳᠦᠷᠦ | ᠶᠢᠨ ᠪᠣᠳᠣᠯᠭ᠎ᠠ ᠪᠠᠨ ᠦᠬᠡᠷᠡᠴᠢᠯᠡᠨ᠂ ᠣᠯᠠᠩᠬᠢ ᠳᠡᠳᠬᠦᠮᠵᠢ ᠪᠠᠨ ᠵᠣᠭᠰᠣᠭᠠᠭᠰᠠᠨ ᠠᠴᠠ᠂ ᠡᠳᠡᠬᠡᠷ ᠣᠯᠠᠨ ᠯᠠᠮᠠ | ᠶᠢ ᠳᠡᠵᠢᠬᠡᠬᠦ ᠬᠦᠨᠳᠦ ᠡᠬᠦᠷᠬᠡᠯᠡᠯ ᠢᠶᠠᠨ ᠠᠷᠠᠳ ᠳᠦᠮᠡᠨ ᠤ ᠪᠡᠶ᠎ᠡ ᠳᠡᠭᠡᠷ᠎ᠡ ᠳᠣᠬᠤᠭᠰᠠᠨ ᠪᠠᠶᠢᠨ᠎ᠠ᠃ | ᠴᠢᠩ ᠣᠯᠣᠰ ᠤᠨ ᠦᠶ᠎ᠡ ᠳᠤ᠂ ᠮᠣᠩᠭᠤᠯᠴᠣᠳ ᠤᠨ ᠳᠣᠮᠳᠠ ᠯᠠᠮᠠ ᠳᠠᠯᠪᠢᠬᠤ ᠦᠷᠨᠢᠯᠳᠡ | ᠭᠠᠷᠴᠦ᠂ ᠳᠠᠪᠣᠨ ᠬᠦᠦ ᠲᠠᠢ ᠠᠶᠢᠯ ᠳᠦᠷᠪᠡᠨ ᠬᠦᠦ ᠪᠠᠨ ᠯᠠᠮᠠ ᠪᠣᠯᠭᠠᠭᠰᠠᠨ ᠶᠠᠪᠣᠳᠠᠯ ᠠᠷᠪᠢᠨ ᠭᠠᠷᠣᠭᠰᠠᠨ ᠢᠶᠠᠷ | ᠪᠠᠷᠠᠬᠤ ᠦᠭᠡᠢ᠂ ᠭᠠᠭᠴᠠ ᠬᠦᠪᠡᠬᠦᠨ ᠢᠶᠠᠨ ᠴᠦ ᠯᠠᠮᠠ ᠪᠣᠯᠭᠠᠭᠠᠳ ᠦᠨᠳᠦᠰᠦ ᠣᠭᠰᠠᠭ᠎ᠠ ᠪᠠᠨ ᠳᠠᠰᠣᠯᠠᠭᠰᠠᠨ | ᠬᠡᠷᠡᠭ ᠠᠷᠪᠢᠨ ᠭᠠᠷᠴᠠᠢ᠃ ᠮᠣᠬᠤᠷ ᠪᠢᠰᠢᠷᠡᠯ ᠨᠢ ᠮᠣᠩᠭᠤᠯᠴᠣᠳ ᠢ ᠮᠣᠬᠤᠷ ᠭᠤᠳᠣᠮᠵᠢᠨ ᠳᠤ ᠬᠠᠰᠢᠵᠦ | ᠣᠷᠣᠭᠤᠯᠣᠭᠠᠳ ᠮᠣᠩᠭᠤᠯᠴᠣᠳ ᠤᠨ ᠬᠦᠮᠦᠨ ᠠᠮᠠ ᠶᠢᠨ ᠦᠰᠦᠯᠳᠡ ᠳᠤ ᠨᠦᠬᠦᠰᠢ ᠦᠭᠡᠢ ᠶᠡᠭᠡ ᠬᠤᠬᠢᠷᠠᠯ | ᠪᠣᠯᠣᠭᠰᠠᠨ ᠪᠠᠶᠢᠵᠠᠢ᠃ ᠣᠶᠢᠯᠡ ᠵᠣᠪᠠᠯᠠᠩ ᠶᠡᠬᠡᠳᠡᠢ ᠮᠣᠩᠭᠤᠯᠴᠣᠳ ᠮᠠᠨᠢ ᠢᠩᠬᠢᠵᠦ ᠴᠦᠪ ᠤᠨ ᠠᠶᠣᠯ ᠳᠠᠭᠠᠨ | ᠳᠡᠯᠴᠢᠯᠡᠵᠦ ᠪᠠᠶᠢᠬᠤ ᠳᠤ᠂ ᠢᠷᠬᠡᠨ ᠣᠯᠣᠰ ᠤᠨ ᠶᠡᠭᠡ ᠬᠢᠳᠠᠳᠴᠢᠯᠠᠬᠤ ᠦᠵᠡᠯ ᠭᠠᠵᠠᠷ ᠠᠪᠴᠦ᠂ ᠣᠮᠠᠷᠠᠳᠦ ᠶᠢᠨ | ᠴᠡᠷᠢᠭ ᠤᠨ ᠡᠷᠬᠡᠳᠡᠨ ᠤ ᠬᠡᠷᠴᠡᠬᠡᠶᠢᠯᠡᠯ ᠪᠠ ᠰᠠᠷᠢᠭᠠᠴᠢ ᠬᠦᠷᠦᠩᠭᠡᠳᠡᠳ ᠬᠠᠷᠢᠯᠴᠠᠨ ᠰᠦᠯᠪᠡᠬᠡᠯᠡᠵᠦ᠂ ᠮᠣᠩᠭᠤᠯᠴᠣᠳ | ᠢ ᠨᠣᠳᠤᠭ ᠠᠴᠠ ᠨᠢ ᠬᠦᠬᠡᠬᠡᠨ ᠪᠡᠯᠴᠢᠬᠡᠷ ᠢ ᠨᠢ ᠪᠣᠯᠢᠶᠠᠵᠦ ᠬᠤᠳᠠᠯᠳᠣᠭᠠᠳ ᠪᠦᠳᠦᠨ ᠬᠦᠷᠦᠰᠦ ᠦᠯᠡᠳᠡᠬᠡᠯ ᠦᠭᠡᠢ | ᠬᠠᠭᠠᠯᠪᠣᠷᠢᠯᠠᠭᠰᠠᠨ ᠠᠴᠠ ᠦᠪᠦᠷ ᠮᠣᠩᠭᠤᠯᠴᠣᠳ ᠮᠠᠨᠢ ᠣᠷᠣᠬᠤ ᠬᠡᠷ ᠣᠭᠤᠴᠢᠬᠤ ᠠᠶᠠᠭ᠎ᠠ ᠦᠭᠡᠢ ᠪᠡᠳᠡᠷᠢᠭᠰᠡᠨ | ᠪᠠᠶᠢᠯ᠎ᠠ᠃ ᠨᠣᠳᠤᠭ ᠠᠴᠠ ᠪᠠᠨ ᠬᠦᠬᠡᠬᠡᠭᠳᠡᠭᠰᠡᠨ ᠮᠠᠯᠴᠢᠳ ᠠᠭᠤᠯᠠᠨ ᠭᠤᠣ᠂ ᠡᠯᠡᠰᠦ ᠮᠠᠩᠬ᠎ᠠ ᠪᠠᠷ ᠳᠡᠨᠣᠭᠦᠯᠴᠢᠯᠡᠨ᠂ | ᠬᠦᠢᠳᠡᠨ ᠨᠣᠶᠢᠳᠡᠨ ᠳᠤ ᠨᠡᠬᠦᠳᠡᠯᠯᠡᠵᠦ᠂ ᠬᠦᠴᠢᠷ ᠵᠣᠪᠠᠯᠠᠩ ᠤᠨ ᠳᠣᠮᠳᠠ ᠳᠡᠯᠴᠢᠯᠡᠨ ᠡᠷᠡᠭᠦᠯ ᠬᠠᠮᠠᠭᠠᠯᠠᠯ ᠤᠨ | ᠪᠠᠳᠣᠯᠭ᠎ᠠ ᠦᠭᠡᠢ ᠠᠴᠠ ᠪᠣᠯᠣᠭᠠᠳ ᠡᠷ᠎ᠡ ᠡᠮ᠎ᠡ ᠬᠡᠰᠡᠨ ᠦᠭᠡᠢ ᠡᠪᠡᠳᠴᠢᠨ ᠡᠮᠬᠡᠭ ᠲᠤ ᠪᠠᠷᠢᠭᠳᠠᠭᠠᠳ ᠬᠡᠣᠬᠡᠳ | ᠳᠦᠷᠦᠬᠦ ᠦᠭᠡᠢ ᠡᠮᠡᠭᠳᠡᠶᠢᠴᠣᠳ ᠣᠯᠠᠰᠢᠷᠠᠵᠠᠢ᠃ ᠨᠢᠬᠡ ᠪᠦᠯᠦᠭ ᠨᠢ ᠵᠣᠯ ᠢᠶᠠᠷ ᠬᠡᠣᠬᠡᠳ ᠳᠣᠭᠳᠠᠵᠦ | ᠬᠦᠩᠬᠡᠵᠢᠭᠰᠡᠨ ᠪᠣᠯᠪᠠᠴᠦ ᠳᠠᠷᠢᠯᠭ᠎ᠠ ᠵᠠᠰᠠᠯ ᠤᠨ ᠨᠦᠬᠦᠴᠡᠯ ᠦᠭᠡᠢ ᠠᠴᠠ ᠬᠡᠬᠡᠭᠳᠡᠴᠢᠬᠡᠳᠡᠭ ᠨᠢ ᠵᠦᠩᠳᠡᠬᠡᠨ᠃ | ᠢᠩᠬᠢᠬᠡᠳ ᠮᠣᠩᠭᠤᠯ ᠦᠨᠳᠦᠰᠦᠳᠡᠨ ᠤ ᠬᠦᠮᠦᠨ ᠠᠮᠠ ᠶᠡᠭᠡ ᠪᠠᠷ ᠬᠤᠷᠣᠭᠳᠠᠵᠦ ᠴᠦᠬᠡᠷᠡᠵᠡᠢ᠃ | 1947 ᠣᠨ ᠤ 5 ᠰᠠᠷᠠᠶᠢᠨ 1 ᠤ ᠡᠳᠦᠷ᠂ ᠣᠯᠠᠭᠠᠨᠬᠤᠳᠠ ᠳᠤ ᠦᠪᠦᠷ ᠮᠣᠩᠭᠤᠯ ᠤᠨ | ᠦᠪᠡᠷᠳᠡᠭᠡᠨ ᠵᠠᠰᠠᠬᠤ ᠣᠷᠣᠨ ᠪᠠᠶᠢᠭᠤᠯᠣᠭᠳᠠᠵᠦ ᠣᠯᠠᠭᠠᠨᠬᠦᠦ ᠨᠦᠬᠦᠷ ᠳᠡᠷᠢᠬᠦᠯᠡᠭᠴᠢ ᠪᠠᠷ ᠰᠣᠩᠭᠤᠭᠳᠠᠭᠠᠳ᠂ | ᠦᠪᠦᠷ ᠮᠣᠩᠭᠤᠯ ᠤᠨ ᠪᠣᠳᠠᠳᠠᠢ ᠪᠠᠶᠢᠳᠠᠯ ᠢ ᠦᠨᠳᠦᠰᠦᠯᠠᠨ ︿︿ᠭᠤᠷᠪᠠᠨ ᠦᠭᠡᠢ᠂ ᠬᠤᠶᠠᠷ ᠲᠤ ᠠᠰᠢᠭᠳᠠᠢ ᠪᠠᠶᠢᠬᠤ | ﹀﹀ ᠴᠢᠭᠯᠡᠯᠳᠠ ᠶᠢ ᠳᠣᠷᠠᠳᠣᠨ ᠭᠠᠷᠭᠠᠵᠦ᠂ ᠣᠶᠢᠯᠡᠳᠪᠦᠷᠢᠯᠡᠯ ᠢ ᠬᠦᠭᠵᠢᠬᠦᠯᠦᠭᠰᠡᠨ ᠪᠦᠬᠡᠳ᠂ ᠵᠠᠯᠠᠭᠤ ᠯᠠᠮᠠ ᠨᠠᠷ ᠢ | ᠣᠬᠠᠭᠤᠯᠣᠨ ᠰᠦᠮ᠎ᠡ ᠠᠴᠠ ᠭᠠᠷᠭᠠᠵᠦ ᠬᠡᠷ ᠪᠦᠯᠢ ᠪᠠᠶᠢᠭᠤᠯᠠᠭᠤᠯᠣᠨ ᠣᠶᠢᠯᠡᠳᠪᠦᠷᠢᠯᠡᠯ ᠬᠦᠳᠡᠯᠮᠦᠷᠢ ᠳᠤ | ᠣᠷᠣᠯᠴᠠᠭᠤᠯᠵᠦ᠂ ᠬᠦᠮᠦᠨ ᠠᠮᠠ ᠶᠢ ᠦᠰᠬᠡᠬᠦ ᠢᠳᠡᠪᠬᠢᠳᠡᠢ ᠠᠷᠭ᠎ᠠ ᠠᠪᠣᠭᠠᠳ ᠰᠢᠨ᠎ᠡ ᠬᠤᠪᠢᠷᠠᠯᠳᠠ ᠭᠠᠷᠭᠠᠭᠰᠠᠨ | ᠪᠢᠯᠠ᠃ ᠪᠠᠰᠠ ᠬᠤᠷᠢᠳᠣᠭᠠᠷ ᠵᠠᠭᠤᠨ ᠤ ᠳᠠᠪᠢᠭᠠᠳ ᠣᠨ ᠤ ᠡᠬᠢ ᠪᠠᠷ᠂ ᠦᠪᠦᠷ ᠮᠣᠩᠭᠤᠯ ᠳᠤ ︿︿ᠬᠦᠮᠦᠨ | ᠮᠠᠯ ᠢ ᠵᠡᠷᠬᠡ ᠪᠠᠷ ᠦᠰᠬᠡᠬᠦ ︵8︶﹀﹀ ᠴᠢᠭᠯᠡᠯᠳᠠ ᠶᠢ ᠳᠣᠷᠠᠳᠣᠨ ᠭᠠᠷᠭᠠᠵᠦ᠂ ᠮᠠᠯᠵᠢᠬᠤ ᠣᠷᠣᠨ ᠳᠤ ᠣᠷᠣᠰᠢᠵᠦ | ᠪᠠᠶᠢᠭ᠎ᠠ ᠬᠡᠣᠬᠡᠳ ᠳᠦᠷᠦᠬᠦ ᠦᠭᠡᠢ ᠬᠡᠮ ᠠᠷᠬᠠᠭ ᠢ ᠰᠢᠨᠵᠢᠯᠡᠨ ᠰᠣᠳᠣᠯᠣᠭᠠᠳ᠂ ᠭᠤᠣᠯ ᠨᠢ ᠳᠠᠮᠪᠣᠣ ᠶᠠᠷ᠎ᠠ ᠮᠡᠳᠦ | ᠶᠢᠨ ᠦᠩᠬᠡᠨ ᠤ ᠡᠪᠡᠳᠴᠢᠨ ᠰᠠᠭᠠᠳ ᠬᠢᠵᠦ ᠪᠠᠶᠢᠬᠤ ᠶᠢ ᠣᠯᠵᠦ ᠮᠡᠳᠡᠬᠡᠳ ᠳᠠᠷᠣᠢ ᠳᠦᠷᠬᠡᠨ ᠪᠦᠬᠦ ᠳᠠᠯ᠎ᠠ ᠪᠠᠷ | ᠰᠡᠷᠬᠡᠶᠢᠯᠡᠨ ᠵᠠᠰᠠᠬᠤ ᠰᠢᠢᠳᠪᠦᠷᠢ ᠭᠠᠷᠭᠠᠵᠦ ᠳᠦᠪ ᠬᠤᠷᠢᠶᠠᠨ ᠳᠤ ᠮᠠᠳᠠᠭᠦᠯᠦᠭᠰᠡᠨ ᠳᠤ᠂ ᠵᠸᠦ ᠡᠸ᠋ᠨ ᠯᠠᠢ ᠶᠡᠷᠦᠩᠬᠡᠢ | ᠰᠠᠶᠢᠳ ᠬᠦᠴᠦᠳᠡᠢ ᠳᠡᠮᠵᠢᠵᠦ᠂ ᠪᠡᠬᠡᠵᠢᠩ ᠤᠨ ᠨᠡᠷᠡᠳᠡᠢ ᠶᠡᠭᠡ ᠡᠮᠨᠡᠯᠬᠡ ᠶᠢᠨ ᠬᠤᠷᠢᠶ᠎ᠠ ᠪᠣᠯᠣᠨ ᠪᠦᠬᠦ ᠣᠯᠣᠰ ᠤᠨ | ᠡᠯ᠎ᠡ ᠮᠣᠵᠢ ᠬᠤᠳᠠ ᠶᠢᠨ ᠮᠡᠷᠬᠡᠵᠢᠯᠳᠡᠢ ᠡᠮᠴᠢᠳ ᠢ ᠣᠯᠠᠨ ᠳᠤᠭ᠎ᠠ ᠪᠠᠷ ᠳᠣᠮᠢᠯᠠᠨ ᠦᠪᠦᠷ ᠮᠣᠩᠭᠤᠯ ᠳᠤ ᠳᠠᠮᠪᠣᠣ | ᠶᠠᠷ᠎ᠠ ᠶᠢ ᠣᠰᠠᠳᠬᠠᠬᠤ ᠳᠡᠮᠡᠴᠡᠯ ᠳᠤ ᠣᠷᠣᠯᠴᠠᠭᠤᠯᠵᠠᠢ᠃ ᠦᠪᠦᠷ ᠮᠣᠩᠭᠤᠯ ᠣᠷᠣᠨ ᠪᠦᠷᠢᠨ ᠪᠡᠯᠡᠳᠬᠡᠭᠰᠡᠨ ᠤ | ᠰᠠᠭᠤᠷᠢᠨ ᠳᠡᠭᠡᠷ᠎ᠡ᠂ 1952 ᠣᠨ ᠳᠤ ᠡᠯ᠎ᠡ ᠠᠶᠢᠮᠠᠭ ᠪᠦᠬᠦᠨ ᠳᠤ ᠰᠢᠭᠤᠳ ᠡᠮᠨᠡᠯᠬᠡ ᠶᠢᠨ ᠠᠩᠬᠢ ᠳᠣᠮᠢᠯᠠᠵᠦ᠂ | ᠳᠣᠰᠬᠤᠨ ᠢᠶᠠᠷ ᠨᠢᠬᠡᠴᠢ ᠪᠣᠯᠭᠠᠨ ᠨᠢᠬᠡ ᠴᠦ ᠬᠦᠮᠦᠨ ᠦᠯᠡᠳᠡᠬᠡᠯ ᠦᠭᠡᠢ ᠨᠠᠷᠢᠨ ᠨᠢᠭᠳᠠ ᠪᠠᠶᠢᠴᠠᠭᠠᠵᠦ᠂ | ᠡᠪᠡᠳᠴᠢᠨᠳᠡᠢ ᠪᠣᠯᠭᠠᠨ ᠢ ᠣᠯᠣᠰ ᠠᠴᠠ ᠦᠨ᠎ᠡ ᠳᠦᠯᠦᠪᠦᠷᠢ ᠦᠭᠡᠢ ᠪᠠᠷ ᠵᠠᠰᠠᠵᠦ ᠦᠭᠬᠦᠬᠡᠳ ᠣᠬᠤᠷᠬᠠᠨ ᠭᠤᠷᠪᠠᠨ | ᠵᠢᠯ ᠳᠤ ᠦᠩᠬᠡ ᠶᠢᠨ ᠡᠪᠡᠳᠴᠢᠨ ᠢ ᠪᠦᠷᠢᠨ ᠣᠰᠠᠳᠬᠠᠭᠰᠠᠨ ᠠᠴᠠ᠂ ᠮᠠᠯᠴᠢᠳ ᠦᠬᠡᠳᠡᠯᠡᠯ ᠮᠠᠨᠳᠣᠯ ᠤᠨ ᠬᠦᠯᠦᠭ | ᠤᠨ ᠵᠢᠯᠣᠭᠤ ᠰᠣᠩᠭᠠᠨ ᠬᠦᠮᠦᠨ ᠠᠮᠠ ᠰᠢᠨ᠎ᠡ ᠦᠰᠦᠯᠳᠡ ᠶᠢᠨ ᠪᠠᠶᠢᠳᠠᠯ ᠳᠤ ᠣᠷᠣᠭᠰᠠᠨ ᠪᠠᠶᠢᠪᠠ᠃ ᠢᠩᠬᠢᠭᠡᠳ | ᠲᠦᠷᠦᠬᠦ ᠨᠠᠰᠣᠨ ᠤ ᠡᠮᠡᠭᠳᠡᠶᠢᠴᠣᠳ ᠪᠦᠷ ᠡᠷᠡᠬᠦᠯ ᠡᠰᠡᠨ ᠬᠦᠩᠬᠡᠵᠢᠬᠦ ᠪᠣᠯᠵᠣ᠂ ᠬᠤᠷᠢᠮᠯᠠᠭᠠᠳ ᠬᠤᠷᠢ ᠭᠠᠷᠣᠢ ᠵᠢᠯ | ᠵᠢᠷᠮᠣᠰᠣᠯᠡᠭᠰᠡᠨ ᠦᠭᠡᠢ ᠪᠦᠰᠡᠬᠦᠶᠢᠴᠣᠣᠯ ᠳᠦᠴᠢ ᠭᠠᠷᠴᠢᠬᠠᠭᠠᠳ ᠬᠡᠣᠬᠡᠳ ᠲᠠᠢ ᠪᠣᠯᠣᠭᠰᠠᠨ ᠶᠠᠪᠣᠳᠠᠯ ᠠᠷᠪᠢᠨ | ᠭᠠᠷᠣᠭᠰᠠᠨ ᠪᠠᠶᠢᠨ᠎ᠠ᠃ ᠳᠣᠬᠠᠢ ᠶᠢᠨ ᠦᠶ᠎ᠡ ᠳᠤ ᠨᠠᠮ ᠵᠠᠰᠠᠭ ᠴᠦ ᠣᠯᠠᠨ ᠬᠡᠣᠭᠡᠳ ᠲᠠᠢ ᠪᠦᠰᠡᠬᠦᠢ ᠶᠢ ︿︿ᠰᠠᠶᠢᠨ | ᠡᠬᠡᠴᠣᠣᠯ﹀﹀ ᠤᠨ ᠴᠣᠯᠠ ᠣᠯᠭᠤᠵᠦ ᠱᠠᠩᠨᠠᠨ ᠬᠦᠬᠢᠬᠦᠯᠵᠦ ᠪᠠᠶᠢᠪᠠ᠃ | 1960 — 1961 ᠣᠨ ᠤ ᠬᠤᠶᠠᠷ ᠵᠢᠯ ᠳᠤ ᠣᠷᠢᠳ ᠬᠤᠵᠢᠳ ᠱᠠᠩᠬᠠᠢ᠂ | ᠵᠧᠵᠢᠶᠠᠩ᠂ ᠠᠨᠾᠦ᠋ᠢ ᠵᠡᠷᠬᠡ ᠮᠣᠵᠢ ᠬᠤᠳᠠ ᠠᠴᠠ ᠬᠡᠳᠦᠨ ᠮᠢᠩᠭᠠᠨ ᠦᠨᠦᠴᠢᠨ ᠬᠡᠣᠬᠡᠳ ᠢ ᠳᠡᠳᠬᠦᠵᠦ ᠠᠪᠣᠭᠠᠳ | ᠮᠠᠯᠴᠢᠳ ᠲᠤ ᠳᠡᠵᠢᠬᠡᠯᠬᠡᠵᠦ᠂ ᠦᠪᠦᠷ ᠮᠣᠩᠭᠤᠯ ᠤᠨ ᠠᠮᠠ ᠪᠦᠯᠢ ᠪᠠᠨ ᠨᠡᠮᠡᠭᠳᠡᠬᠦᠯᠦᠭᠰᠡᠨ ᠪᠠᠶᠢᠯ᠎ᠠ᠃ ᠡᠨᠡ ᠶᠠᠪᠣᠳᠠᠯ | ᠢ ᠶᠡᠷᠦᠩᠬᠡᠢ ᠰᠠᠶᠢᠳ ᠵᠸᠣ ᠡᠸ᠋ᠨ ᠯᠠᠢ ᠰᠣᠨᠣᠰᠣᠭᠠᠳ ᠳᠣᠶᠢᠯ ᠢᠶᠠᠷ ᠪᠠᠶᠠᠷᠯᠠᠵᠦ ᠣᠯᠠᠭᠠᠨᠬᠦᠦ ᠳᠤ ᠄ ︿︿᠁ ᠁ | ᠡᠨᠡ ᠶᠡᠭᠡ ᠰᠠᠶᠢᠨ ᠪᠠᠶᠢᠨ᠎ᠠ᠂ ᠦᠪᠦᠷ ᠮᠣᠩᠭᠤᠯ ᠭᠠᠵᠠᠷ ᠠᠭᠤᠳᠠᠮ᠂ ᠬᠦᠮᠦᠨ ᠴᠦᠬᠡᠨ᠂ ᠣᠨᠴᠠᠭᠠᠶᠢᠯᠠᠨ ᠮᠠᠯᠵᠢᠬᠤ | ᠣᠷᠣᠨ ᠳᠤ ᠬᠡᠣᠬᠡᠳ ᠴᠦᠬᠡᠨ ᠣᠴᠢᠷ ᠠᠴᠠ᠂ ᠴᠦᠬᠡᠨ ᠳᠣᠭᠠᠳᠦ ᠦᠨᠳᠦᠰᠦᠳᠡᠨ ᠤ ᠬᠦᠮᠦᠨ ᠠᠮᠠ ᠪᠣᠯᠣᠨ | ᠪᠦᠳᠦᠬᠡᠨ ᠪᠠᠶᠢᠭᠤᠯᠣᠯᠳᠠ ᠬᠦᠭᠵᠢᠯᠳᠡ ᠳᠤ ᠪᠦᠷ ᠠᠰᠢᠭᠳᠠᠢ᠃ ᠪᠠᠰᠠ ︿ᠬᠦᠮᠦᠨ ᠮᠠᠯ ᠢ ᠵᠡᠷᠬᠡ ᠪᠠᠷ ᠦᠰᠬᠡᠬᠦ﹀ | ᠣᠷᠢᠶᠠᠯᠭ᠎ᠠ ᠲᠠᠢ ᠨᠡᠶᠢᠴᠡᠨ᠎ᠡ﹀﹀ ︵9︶ ᠬᠡᠵᠡᠢ᠃ ᠡᠬᠦᠨ ᠠᠴᠠ ᠦᠵᠡᠬᠦ ᠳᠤ᠂ ᠵᠸᠣ ᠶᠡᠷᠦᠩᠬᠡᠢ ᠰᠠᠶᠢᠳ ᠮᠣᠩᠭᠤᠯ | ᠦᠨᠳᠦᠰᠦᠳᠡᠨ ᠤ ᠬᠦᠮᠦᠨ ᠠᠮᠠ ᠴᠦᠬᠡᠨ ᠠᠰᠠᠭᠤᠳᠠᠯ ᠳᠤ ᠶᠡᠭᠡ ᠰᠡᠳᠬᠢᠯ ᠳᠠᠯᠪᠢᠵᠦ ᠪᠠᠶᠢᠵᠠᠢ᠃ | ᠳᠡᠷᠢᠬᠦᠯᠡᠭᠴᠢ ᠣᠯᠠᠭᠠᠨᠬᠦᠦ ᠶᠢᠨ ᠴᠢᠷᠮᠠᠶᠢᠯᠭ᠎ᠠ ᠪᠠᠷ ᠮᠣᠩᠭᠤᠯ ᠦᠨᠳᠦᠰᠦᠳᠡᠨ ᠤ ᠬᠦᠮᠦᠨ | ᠠᠮᠠ ᠦᠳᠳᠦᠷ ᠳᠦᠷᠬᠡᠨ ᠦᠰᠴᠠᠢ᠃ ᠵᠦᠪᠬᠡᠨ ᠪᠠᠭᠠᠷᠢᠨ ᠪᠠᠷᠠᠭᠤᠨ ᠬᠤᠰᠢᠭᠤᠨ ᠳᠤ 1954 ᠣᠨ | ᠳᠤ30180 ᠠᠮᠠ ᠮᠣᠩᠭᠤᠯ ᠬᠦᠮᠦᠨ ᠪᠠᠶᠢᠭᠰᠠᠨ ᠢᠶᠠᠨ 1982 ᠣᠨ ᠪᠣᠯᠬᠤ ᠳᠤ 57762 ᠠᠮᠠ ᠬᠦᠮᠦᠨ | ᠪᠣᠯᠣᠨ ᠦᠰᠦᠬᠡᠳ 27582 ᠬᠦᠮᠦᠨ ᠨᠡᠮᠡᠭᠳᠡᠵᠡᠢ᠃ ᠡᠨᠡ ᠨᠢ ᠬᠤᠷᠢᠨ ᠨᠠᠢᠮᠠᠨ ᠵᠢᠯ ᠳᠤ 91.4% ᠪᠠᠷ | ᠴᠡᠪᠡᠷ ᠦᠰᠦᠭᠰᠡᠨ ᠢ ᠬᠠᠷᠠᠭᠤᠯᠵᠦ ᠪᠣᠢ᠃ | 2002 ᠣᠨ ᠤ 9 ᠰᠠᠷᠠᠶᠢᠨ 27 ᠤ ᠡᠳᠦᠷ ᠦᠪᠦᠷ ᠮᠣᠩᠭᠤᠯ ᠤᠨ ᠦᠪᠡᠷᠳᠡᠬᠡᠨ | ᠵᠠᠰᠠᠬᠤ ᠣᠷᠣᠨ ᠤ ᠶᠢᠰᠦᠳᠦᠬᠡᠷ ᠬᠤᠭᠤᠴᠠᠭᠠᠨ ᠤ ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ ᠤᠨ ᠪᠠᠶᠢᠩᠭᠤ | ᠶᠢᠨ ᠬᠤᠷᠢᠶᠠᠨ ᠤ ᠭᠤᠴᠢᠨ ᠬᠤᠶᠠᠳᠣᠭᠠᠷ ᠣᠳᠠᠭᠠᠨ ᠤ ᠬᠤᠷᠠᠯ ᠠᠴᠠ ︿︿ᠪᠦᠬᠦᠳᠡ ᠨᠠᠶᠢᠷᠠᠮᠳᠠᠬᠤ ᠳᠣᠮᠳᠠᠳᠣ | ᠠᠷᠠᠳ ᠣᠯᠣᠰ ᠤᠨ ᠬᠦᠮᠦᠨ ᠠᠮᠠ ᠬᠢᠬᠡᠳ ᠳᠦᠯᠦᠪᠯᠡᠬᠡᠳᠦ ᠦᠷᠡᠵᠢᠯ ᠤᠨ ᠬᠠᠣᠯᠢ﹀﹀ ᠶᠢ ᠦᠨᠳᠦᠰᠦᠯᠡᠨ | ᠭᠤᠷᠪᠠᠨᠳᠠ ᠵᠠᠰᠠᠪᠣᠷᠢ ᠣᠷᠣᠭᠤᠯᠣᠭᠠᠳ ᠳᠣᠭᠳᠠᠭᠠᠭᠰᠠᠨ ︿︿ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ | ᠤ ᠬᠦᠮᠦᠨ ᠠᠮᠠ ᠬᠢᠬᠡᠳ ᠳᠦᠯᠦᠪᠯᠡᠭᠡ ᠲᠠᠢ ᠬᠡᠣᠬᠡᠳ ᠠᠪᠬᠤ ᠠᠵᠢᠯ ᠤᠨ ᠳᠦᠷᠢᠮ﹀﹀ ᠤᠨ ᠭᠤᠷᠪᠠᠳᠣᠭᠠᠷ | ᠪᠦᠯᠦᠭ ᠤᠨ ᠠᠷᠪᠠᠨ ᠶᠢᠰᠦᠳᠦᠬᠡᠷ ᠵᠣᠶᠢᠯ ᠳᠤ᠄ ︿︿ᠮᠣᠩᠭᠤᠯ ᠦᠨᠳᠦᠰᠦᠳᠡᠨ ᠤ ᠡᠷ᠎ᠡ ᠡᠮ᠎ᠡ ᠬᠤᠶᠠᠭᠤᠯᠠ ᠪᠠᠨ | ᠬᠤᠶᠠᠷ ᠬᠡᠣᠬᠡᠳ ᠠᠪᠴᠦ ᠪᠣᠯᠣᠨ᠎ᠠ᠃ ᠡᠷ᠎ᠡ ᠡᠮ᠎ᠡ ᠬᠤᠶᠠᠭᠤᠯᠠ ᠪᠠᠨ ᠪᠦᠷ ᠬᠤᠳᠠ ᠪᠠᠯᠭᠠᠰᠣᠨ ᠤ ᠡᠷᠦᠬᠡ ᠠᠮᠠ | ᠲᠠᠢ ᠪᠦᠬᠡᠳ ᠮᠠᠯ ᠠᠵᠦ ᠠᠬᠤᠢ ᠳᠠᠷᠢᠶᠠᠯᠠᠩ ᠤᠨ ᠣᠶᠢᠯᠡᠳᠪᠦᠷᠢᠯᠡᠯ ᠳᠤ ᠣᠷᠣᠯᠴᠠᠵᠦ᠂ ᠬᠤᠶᠠᠷ ᠬᠡᠣᠬᠡᠳ ᠨᠢ | ᠴᠦᠮ ᠬᠡᠣᠬᠡᠨ ᠪᠠᠶᠢᠪᠠᠯ ᠵᠦᠪᠰᠢᠶᠡᠷᠡᠯ ᠢᠶᠠᠷ ᠭᠤᠷᠪᠠᠳᠣᠭᠠᠷ ᠬᠡᠣᠬᠡᠳ ᠠᠪᠴᠦ ᠪᠣᠯᠣᠨ᠎ᠠ﹀﹀ ᠬᠡᠵᠦ ᠳᠣᠭᠳᠠᠭᠠᠵᠠᠢ᠃ | ᠭᠡᠳᠡᠯ᠎ᠡ ᠣᠳᠣᠬᠠᠨ ᠤ ᠣᠯᠣᠰ ᠬᠤᠪᠢ ᠶᠢᠨ ᠠᠮᠣᠷ ᠵᠢᠷᠭᠠᠯ ᠢ ᠬᠦᠬᠡᠬᠡᠴᠡᠯᠳᠦᠬᠡᠳ ᠭᠠᠭᠴᠠ ᠬᠡᠣᠬᠡᠳ ᠠᠪᠬᠤ ᠪᠣᠶᠣ | ᠬᠡᠣᠬᠡᠳ ᠠᠪᠬᠤ ᠦᠭᠡᠢ ᠪᠣᠯᠴᠠᠭᠠᠵᠦ ᠪᠠᠶᠢᠨ᠎ᠠ᠂ ᠳᠦᠴᠢᠨ ᠵᠢᠯ ᠤᠨ ᠡᠮᠦᠨᠡᠬᠢ ᠠᠪᠤ ᠡᠵᠢ ᠨᠠᠷ ᠠᠭᠠᠭ ᠢᠳᠡᠵᠦ | ᠠᠷᠠᠯ ᠴᠢᠩᠭᠠᠭᠠᠵᠦ ᠪᠠᠶᠢᠭᠠᠳ ᠳᠠᠪᠤ ᠳᠣᠯᠤᠭ᠎ᠠ ᠶᠢ ᠳᠦᠷᠦᠬᠦᠯᠵᠦ ᠪᠠᠶᠢᠭᠰᠠᠨ ᠪᠦᠬᠡᠳ᠂ ᠠᠪ ᠠᠳᠠᠯᠢᠬᠠᠨ ᠬᠡᠷ | ᠪᠣᠰᠬᠠᠨ ᠪᠡᠷᠢ ᠪᠠᠭᠤᠯᠭᠠᠭᠠᠳ ᠬᠢᠯᠡᠷᠡᠭᠤᠯᠵᠦ ᠪᠠᠶᠢᠭᠰᠠᠨ ᠶᠤᠮ᠃ ᠣᠳᠣᠬᠠᠨ ᠤ ᠠᠮᠢᠳᠣᠷᠠᠯ ᠤᠨ ᠨᠦᠬᠦᠴᠡᠯ ᠳᠡᠷᠡ | ᠦᠶ᠎ᠡ ᠶᠢᠨ ᠬᠢ ᠶᠢ ᠪᠣᠳᠣᠪᠠᠯ ᠬᠤᠯᠠ ᠰᠠᠶᠢᠵᠢᠷᠠᠴᠢᠬᠠᠭᠰᠠᠨ ᠪᠠᠶᠢᠭᠠᠳ ᠦᠷ᠎ᠡ ᠦᠨᠳᠦᠰᠦ ᠵᠠᠯᠭᠠᠬᠤ ᠶᠡᠭᠡ ᠶᠠᠪᠣᠳᠠᠯ | ᠳᠡᠭᠡᠷ᠎ᠡ ᠨᠠᠵᠠᠭᠠᠢ ᠬᠠᠨᠳᠣᠬᠤ ᠪᠣᠯᠣᠭᠰᠠᠨ ᠨᠢ ᠮᠠᠨ ᠤ ᠦᠨᠳᠦᠰᠦᠳᠡᠨ ᠤ ᠬᠦᠴᠦᠷᠬᠡᠭᠵᠢᠯ ᠤᠨ ᠵᠠᠮ ᠳᠡᠭᠡᠷᠡᠬᠢ ᠶᠡᠭᠡ | ᠰᠠᠭᠠᠳ ᠪᠣᠯᠵᠦ ᠪᠠᠶᠢᠨ᠎ᠠ ᠰᠢᠦ︕ ᠳᠣᠣᠷ᠎ᠠ ᠪᠢ ᠨᠢᠬᠡᠨ ᠭᠠᠴᠠᠭᠠᠨ ᠤ ᠬᠦᠮᠦᠨ ᠠᠮᠠ ᠶᠢᠨ ᠪᠣᠳᠠᠳᠠᠢ ᠳᠤᠭ᠎ᠠ ᠪᠠᠷ | ᠵᠢᠱᠢᠶᠡᠯᠡᠨ ᠶᠠᠷᠢᠶ᠎ᠠ᠃ | ᠨᠢᠬᠡᠨ ᠭᠠᠴᠠᠭ᠎ᠠ ᠳᠤ 112 ᠡᠷᠣᠬᠡ ᠶᠢᠨ ᠨᠡᠶᠢᠳᠡ 403 ᠬᠦᠮᠦᠨ ᠠᠮᠠ ᠲᠠᠢ᠂ ᠡᠭᠦᠨ | ᠤ ᠳᠣᠳᠣᠷᠡᠬᠢ 50 ᠨᠠᠰᠣᠨ ᠠᠴᠠ ᠳᠡᠬᠡᠭᠰᠢ ᠬᠦᠮᠦᠨ 95 ᠪᠠᠶᠢᠵᠦ᠂ 50 —40 ᠨᠠᠰᠣᠨ ᠤ ᠬᠦᠮᠦᠰ ᠤᠨ ᠬᠡᠷ | ᠪᠦᠯᠢ ᠨᠢ ᠣᠯᠠᠩᠬᠢ ᠨᠢ ᠬᠤᠶᠠᠷ ᠬᠡᠣᠭᠡᠳ ᠲᠠᠢ᠂ ᠡᠶᠢᠮᠦ ᠮᠠᠶ᠋ᠢᠭ ᠢᠶᠠᠷ ᠦᠷᠬᠦᠯᠵᠢᠯᠡᠬᠦᠯᠬᠦ ᠳᠤ ᠬᠦᠷᠪᠡᠯ ᠴᠠᠭ ᠤᠨ | ᠣᠷᠣᠰᠬᠠᠯ ᠢ ᠳᠠᠭᠠᠭᠠᠳ ᠬᠦᠮᠦᠨ ᠠᠮᠠ ᠶᠢᠨ ᠨᠡᠮᠡᠭᠳᠡᠯ ᠬᠤᠷᠣᠭᠳᠠᠯ ᠳᠡᠩᠴᠡᠬᠦᠦ ᠪᠠᠷ ᠶᠠᠪᠣᠭᠳᠠᠵᠦ ᠪᠣᠯᠣᠨ᠎ᠠ᠃ | ᠬᠡᠳᠡᠯ᠎ᠡ ᠳᠦᠴᠢᠨ ᠨᠠᠰᠣᠨ ᠠᠴᠠ ᠳᠣᠭᠤᠭᠰᠢᠬᠢ ᠬᠡᠷ ᠪᠦᠯᠢ ᠨᠢ ᠴᠦᠮ ᠨᠢᠬᠡ ᠬᠡᠣᠬᠡᠳ ᠠᠪᠴᠠᠭᠠᠵᠦ ᠪᠠᠶᠢᠨ᠎ᠠ᠂ | ᠡᠶᠢᠮᠦ ᠮᠠᠶ᠋ᠢᠭ ᠢᠶᠠᠷ ᠦᠷᠬᠦᠯᠵᠢᠯᠡᠬᠦᠯᠬᠦ ᠳᠤ ᠬᠦᠷᠪᠡᠯ ᠬᠤᠵᠢᠮ ᠤᠨ ᠬᠦᠮᠦᠨ ᠠᠮᠠ 50% ᠪᠠᠷ ᠬᠠᠰᠣᠭᠳᠠᠬᠤ ᠳᠤ | ᠬᠦᠷᠦᠨ᠎ᠡ᠃ ᠡᠨᠡ ᠮᠡᠳᠦ ᠪᠠᠷ ᠬᠤᠶᠡᠷ ᠦᠶ᠎ᠡ ᠳᠠᠮᠵᠢᠵᠦ ᠣᠬᠤᠷᠬᠠᠨ ᠳᠠᠪᠢᠨ ᠵᠢᠯ ᠤᠨ ᠳᠠᠷᠠᠭ᠎ᠠ ᠡᠨᠡ ᠭᠠᠴᠠᠭᠠᠨ ᠳᠤ | ᠬᠡᠳᠦᠢ ᠬᠦᠮᠦᠨ ᠦᠯᠡᠳᠡᠳᠡᠭ ᠪᠣᠯ︖ ᠳᠠᠬᠢᠭᠠᠳ ᠬᠡᠯᠡᠪᠡᠯ ᠪᠢᠳᠡ ᠴᠢᠨᠢ ᠬᠠᠮᠤᠭ ᠳᠡᠭᠡᠳᠦ ᠣᠬᠠᠭᠠᠨ ᠮᠡᠳᠡᠷᠡᠯ ᠲᠠᠢ | ᠬᠦᠮᠦᠨ ᠪᠣᠯᠵᠦ ᠳᠦᠷᠦᠭᠰᠡᠨ ᠤ ᠬᠤᠪᠢ ᠳᠤ ᠨᠡᠶᠢᠬᠡᠮ ᠨᠡᠶᠢᠳᠡ ᠶᠢᠨ ᠠᠰᠢᠭ ᠳᠣᠰᠠ ᠶᠢ ᠬᠠᠷᠠᠭᠠᠯᠵᠠᠨ | ᠦᠨᠳᠦᠰᠦᠳᠡᠨ ᠤ ᠪᠠᠨ ᠬᠤᠵᠢᠮ ᠢᠷᠡᠬᠡᠳᠦᠢ ᠳᠤ ᠢᠯᠡᠬᠦᠬᠡᠨ ᠰᠠᠨᠠᠭᠠᠰᠢᠷᠠᠪᠠᠯ ᠳᠠᠭᠠᠷᠠᠨ᠎ᠠ᠃ ᠬᠦᠳᠡᠯᠮᠦᠷᠢ ᠬᠦᠴᠦ | ᠪᠣᠯ ᠨᠡᠶᠢᠬᠡᠮ ᠤᠨ ᠣᠶᠢᠯᠡᠳᠪᠦᠷᠢᠯᠡᠯ ᠤᠨ ᠰᠠᠭᠤᠷᠢ ᠮᠥᠨ ᠪᠦᠬᠡᠳ ᠪᠦᠳᠦᠬᠡᠨ ᠪᠠᠶᠢᠭᠤᠯᠣᠯᠳᠠ ᠶᠢᠨ ᠬᠦᠳᠡᠯᠬᠡᠭᠴᠢ | ᠬᠦᠴᠦᠨ ᠮᠥᠨ᠃ ᠬᠦᠳᠡᠯᠮᠦᠷᠢ ᠬᠦᠴᠦ ᠪᠠᠨ ᠠᠯᠳᠠᠪᠠᠯ ᠠᠮᠢᠳᠣᠷᠠᠯ ᠤᠨ ᠰᠠᠭᠤᠷᠢ ᠨᠣᠷᠠᠵᠦ ᠨᠡᠶᠢᠬᠡᠮ ᠤᠨ ᠪᠦᠳᠦᠴᠡ | ᠭᠤᠶᠢᠪᠠᠯᠵᠠᠬᠤ ᠳᠤ ᠬᠦᠷᠦᠨ᠎ᠡ᠃ ᠡᠳᠦᠬᠡ ᠨᠠᠰᠣᠳᠠᠶᠢᠴᠣᠣᠯ ᠤᠨ ᠨᠡᠶᠢᠬᠡᠮ ᠳᠤ ᠳᠠᠪᠰᠢᠨ ᠣᠷᠣᠬᠤ ᠨᠢ ᠶᠡᠭᠡ | ᠬᠠᠨᠳᠣᠰᠢ ᠪᠣᠯᠣᠭᠰᠠᠨ ᠳᠣᠯᠠ᠂ ᠬᠡᠣᠬᠡᠳ ᠠᠪᠬᠤ ᠠᠰᠠᠭᠤᠳᠠᠯ ᠨᠢ ᠭᠠᠭᠴᠠᠬᠦ ᠬᠤᠪᠢ ᠬᠦᠮᠦᠨ ᠤ ᠠᠰᠠᠭᠤᠳᠠᠯ ᠪᠢᠰᠢ | ᠂ ᠪᠦᠬᠦᠶᠢᠯᠡ ᠨᠡᠶᠢᠬᠡᠮ ᠤᠨ ᠳᠣᠭᠳᠠᠯᠴᠠᠭ᠎ᠠ ᠲᠠᠢ ᠬᠤᠯᠪᠣᠭᠳᠠᠬᠤ ᠶᠡᠭᠡ ᠶᠠᠪᠣᠳᠠᠯ ᠪᠣᠯᠪᠠ᠃ ᠮᠠᠨ ᠤ ᠣᠯᠣᠰ ᠤᠨ | ᠬᠦᠮᠦᠨ ᠠᠮᠠ ᠶᠢᠨ ᠵᠠᠭᠤᠨ ᠤ ᠨᠠᠶᠠ ᠨᠢ ᠳᠠᠷᠢᠶᠠᠴᠢᠨ ᠪᠣᠯᠬᠤᠷ᠂ ᠨᠠᠰᠣᠳᠠᠶᠢᠴᠣᠣᠯ ᠤᠨ ᠨᠡᠶᠢᠬᠡᠮ ᠨᠢ ᠯᠠᠪᠳᠠᠢ | ᠨᠡᠶᠢᠬᠡᠮ ᠤᠨ ᠠᠰᠠᠷᠠᠮᠵᠢ ᠶᠢᠨ ᠶᠡᠭᠡ ᠳᠣᠯᠭᠠᠮᠳᠠᠯ ᠢ ᠪᠣᠢ ᠪᠣᠯᠭᠠᠵᠦ᠂ ᠣᠶᠢᠯᠡᠳᠪᠦᠷᠢᠯᠡᠯ ᠤᠨ ᠬᠦᠴᠦᠨ ᠤ ︿︿ᠶᠡᠭᠡ | ᠬᠢᠮᠣᠷᠡᠯ﹀﹀ ᠢ ᠪᠣᠢ ᠪᠣᠯᠭᠠᠬᠤ ᠨᠢ ᠳᠠᠮᠵᠢᠭ ᠦᠭᠡᠢ᠃ ᠢᠩᠬᠢᠬᠦᠯᠡᠷ ᠬᠦᠮᠦᠨ ᠠᠮᠠ ᠶᠢᠨ ᠦᠰᠦᠯᠳᠡ ᠶᠢ ᠰᠢᠨᠵᠢᠯᠡᠬᠦ | ᠣᠬᠠᠭᠠᠨᠴᠢ ᠪᠠᠷ ᠳᠣᠬᠢᠷᠠᠭᠤᠯᠬᠤ ᠪᠣᠯ ᠮᠠᠨ ᠤ ᠨᠢᠳᠦᠨ ᠡᠮᠦᠨ᠎ᠡ ᠳᠠᠯᠪᠢᠭᠳᠠᠵᠦ ᠪᠠᠶᠢᠭ᠎ᠠ ᠳᠡᠷᠢᠬᠦᠨ ᠴᠢᠬᠤᠯᠠ | ᠠᠰᠠᠭᠤᠳᠠᠯ ᠪᠣᠯᠵᠦ ᠪᠠᠶᠢᠨ᠎ᠠ᠃ | ᠬᠤᠷᠢᠳᠣᠭᠠᠷ ᠵᠠᠭᠤᠨ ᠤ ᠨᠠᠶᠠᠭᠠᠳ ᠣᠨ ᠤ ᠡᠬᠢ ᠪᠠᠷ ᠦᠨᠳᠦᠰᠦᠳᠡᠨ ᠢᠶᠠᠨ | ᠦᠬᠡᠷᠡᠴᠢᠯᠡᠬᠦ ᠦᠷᠨᠢᠯᠳᠡ ᠭᠠᠷᠣᠭᠰᠠᠨ ᠢᠶᠠᠷ᠂ 1990 ᠣᠨ ᠤ ᠳᠦᠷᠪᠡᠳᠦᠬᠡᠷ ᠣᠳᠠᠭᠠᠨ ᠤ ᠬᠦᠮᠦᠨ ᠠᠮᠠ ᠶᠢᠨ | ᠨᠡᠶᠢᠳᠡᠮ ᠤᠨ ᠪᠠᠶᠢᠴᠠᠭᠠᠯᠳᠠ ᠶᠢᠨ ᠪᠦᠷᠢᠳᠬᠡᠯ ᠳᠤ᠂ ᠪᠦᠬᠦ ᠣᠯᠣᠰ ᠤᠨ ᠮᠤᠩᠭᠤᠯ ᠬᠦᠮᠦᠨ ᠤ ᠳᠤᠭ᠎ᠠ | 4806849 ᠪᠣᠯᠵᠦ᠂ ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠳᠠᠬᠢ ᠮᠣᠩᠭᠤᠯ ᠬᠦᠮᠦᠨ | 4121700 ᠠᠮᠠ ᠪᠣᠯᠣᠨ ᠨᠡᠮᠡᠭᠳᠡᠬᠡᠳ ᠦᠨᠢᠷ ᠦᠰᠦᠯᠳᠡ ᠶᠢᠨ ᠳᠡᠮᠳᠡᠭᠯᠡᠯ ᠢ ᠡᠭᠦᠳᠴᠡᠢ᠃ ᠳᠣᠬᠠᠢ ᠶᠢᠨ ᠦᠶ᠎ᠡ | ᠳᠤ ᠳᠦᠯᠦᠪᠯᠡᠭᠡ ᠲᠠᠢ ᠦᠷᠡᠵᠢᠯ ᠢ ᠴᠢᠩᠭ᠎ᠠ ᠠᠳᠬᠤᠵᠦ ᠪᠠᠶᠢᠭᠰᠠᠨ ᠪᠣᠯᠬᠤᠷ᠂ ᠬᠦᠮᠦᠨ ᠠᠮᠠ ᠶᠢᠨ ᠦᠨᠢᠷ | ᠦᠰᠦᠯᠳᠡ ᠨᠢ ᠨᠢᠬᠡᠯᠡ ᠳᠣᠣᠷ᠎ᠠ ᠠᠷᠪᠢᠨ ᠬᠡᠣᠬᠡᠳ ᠳᠦᠷᠦᠬᠦᠯᠦᠭᠰᠡᠨ ᠶᠠᠪᠣᠳᠠᠯ ᠪᠢᠰᠢ᠂ ᠬᠠᠷᠢᠨ ᠬᠠᠷᠢ | ᠦᠨᠳᠦᠰᠦᠳᠡᠨ ᠤ ᠬᠦᠮᠦᠨ ᠮᠣᠩᠭᠤᠯ ᠳᠠᠩᠰᠠᠨ ᠳᠤ ᠣᠷᠣᠭᠰᠠᠨ ᠤ ᠣᠴᠢᠷ ᠪᠣᠯᠬᠤ ᠶᠤᠮ᠃ ᠡᠨᠡᠬᠦ ᠦᠨᠳᠦᠰᠦᠳᠡᠨ | ᠢᠶᠠᠨ ᠦᠬᠡᠷᠡᠴᠢᠯᠡᠬᠦ ᠶᠡᠭᠡ ᠳᠦᠷᠬᠢᠬᠡᠨ ᠨᠢ ᠬᠤᠶᠡᠷ ᠵᠣᠶᠢᠯ ᠢᠶᠠᠷ ᠰᠢᠯᠳᠠᠭᠠᠯᠠᠭᠳᠠᠭᠰᠠᠨ ᠪᠠᠶᠢᠨ᠎ᠠ᠄ ᠨᠢᠬᠡ ᠨᠢ ᠮᠢᠩ | ᠣᠯᠣᠰ ᠤᠨ ᠶᠡᠭᠡ ᠬᠢᠳᠣᠯᠭ᠎ᠠ ᠠᠴᠠ ᠠᠮᠢ ᠵᠣᠯᠪᠣᠭᠰᠠᠳ᠂ ᠴᠢᠩ ᠬᠦᠷᠦᠨ ᠤ ᠰᠢᠬᠠᠯᠳᠠ᠂ ᠢᠷᠬᠡᠨ ᠣᠯᠣᠰ ᠤᠨ | ᠦᠶ᠎ᠡ ᠶᠢᠨ ᠶᠡᠭᠡ ᠬᠢᠳᠠᠳᠴᠢᠯᠠᠬᠤ ᠦᠵᠡᠯᠳᠡᠨ ᠤ ᠬᠠᠷᠬᠢᠰ ᠬᠡᠷᠴᠡᠬᠡᠢ ᠳᠠᠷᠣᠯᠠᠯ ᠤᠨ ᠳᠣᠣᠷ᠎ᠠ ᠣᠷᠣᠰᠢᠨ ᠳᠣᠭᠳᠠᠨᠢᠬᠤ | ᠶᠢᠨ ᠳᠦᠯᠦᠬᠡ ᠦᠨᠳᠦᠰᠦᠳᠡᠨ ᠢᠶᠠᠨ ᠪᠣᠷᠣᠭᠤᠯᠠᠨ ᠨᠢᠭᠤᠵᠦ ᠬᠠᠪᠴᠢᠭᠳᠠᠨ ᠣᠷᠣᠩᠨᠠᠭᠰᠠᠳ ᠨᠠᠮ ᠤᠨ | ᠦᠨᠳᠦᠰᠦᠳᠡᠨ ᠤ ᠳᠦᠷᠦ ᠶᠢᠨ ᠪᠣᠳᠣᠯᠭ᠎ᠠ ᠶᠢᠨ ᠳᠣᠶᠠᠭᠠᠯᠠᠯ ᠳᠣᠣᠷ᠎ᠠ ᠣᠭ ᠠᠶᠢᠮᠠᠭ ᠣᠪᠣᠭ ᠢᠶᠠᠨ ᠰᠡᠷᠬᠦᠬᠡᠭᠰᠡᠨ | ᠪᠠᠶᠢᠨ᠎ᠠ᠃ ᠨᠦᠬᠦᠬᠡ ᠨᠢᠬᠡ ᠪᠦᠯᠦᠭ ᠨᠢ ᠣᠯᠣᠰ ᠠᠴᠠ ᠴᠦᠬᠡᠨ ᠳᠣᠭᠠᠳᠦ ᠦᠨᠳᠦᠰᠦᠳᠡᠨ ᠳᠤ ᠣᠯᠭᠤᠭᠰᠠᠨ | ᠣᠨᠴᠠ ᠬᠠᠷᠠᠭᠠᠯᠵᠠᠯ ᠳᠤ ᠭᠤᠷᠢᠯᠠᠭᠠᠳ ᠦᠨᠳᠦᠰᠦᠳᠡᠨ ᠢᠶᠠᠨ ᠦᠬᠡᠷᠡᠴᠢᠯᠡᠭᠰᠡᠳ ᠶᠡᠭᠡ ᠳᠤᠭ᠎ᠠ ᠶᠢ ᠡᠵᠡᠯᠡᠨ᠎ᠡ᠃ | ᠳᠣᠬᠠᠢ ᠶᠢᠨ ᠦᠶ᠎ᠡ ᠳᠤ ᠴᠦᠬᠡᠨ ᠳᠣᠭᠠᠳᠦ ᠦᠨᠳᠦᠰᠦᠳᠡᠨ ᠨᠢ ᠶᠡᠭᠡ ᠰᠣᠷᠭᠠᠭᠤᠯᠢ ᠳᠠᠪᠰᠢᠬᠤ ᠳᠤ ᠬᠤᠪᠢ ᠶᠢᠨ | ᠬᠠᠷᠠᠭᠠᠯᠵᠠᠯ ᠪᠠᠶᠢᠬᠤ ᠪᠠᠷ ᠪᠠᠷᠠᠬᠤ ᠦᠬᠡᠢ᠂ ᠬᠢᠳᠠᠳ ᠦᠨᠳᠦᠰᠦᠳᠡᠨ ᠠᠴᠠ ᠢᠯᠡᠬᠦᠦ ᠨᠢᠬᠡ ᠬᠡᠣᠬᠡᠳ ᠠᠪᠴᠦ | ᠪᠣᠯᠳᠠᠭ ᠪᠠᠶᠢᠵᠠᠢ᠃ ᠮᠣᠩᠭᠤᠯᠴᠣᠳ ᠬᠦᠦ ᠬᠡᠣᠬᠡᠨ ᠢ ᠠᠳᠠᠯᠢᠬᠠᠨ ᠦᠵᠡᠳᠡᠭ ᠪᠣᠯᠬᠤᠷ ᠭᠠᠭᠴᠠᠬᠠᠨ ᠬᠡᠣᠬᠡᠨ ᠲᠠᠢ | ᠪᠣᠯᠪᠠᠴᠦ ᠰᠡᠳᠬᠢᠯ ᠬᠠᠩᠬᠤᠯᠠᠬᠤᠨ ᠶᠠᠪᠣᠨ᠎ᠠ᠂ ᠬᠢᠳᠡᠳ ᠤᠳ ᠪᠣᠯ ᠣᠭᠰᠠᠭ᠎ᠠ ᠵᠠᠯᠭᠠᠨ ᠭᠤᠯᠣᠮᠳᠠ ᠪᠠᠳᠠᠷᠠᠭᠠᠬᠤ | ᠣᠬᠠᠮᠰᠠᠷ ᠢᠶᠠᠷ ᠴᠢᠩᠭ᠎ᠠ ᠪᠣᠯᠬᠤᠷ ᠶᠠᠯᠠᠳᠠᠭᠳᠠᠵᠦ ᠳᠣᠷᠭᠠᠭᠳᠠᠵᠦ ᠪᠠᠶᠢᠯ᠎ᠠ ᠴᠦ ᠬᠦᠦ ᠳᠦᠷᠦᠬᠦᠯᠬᠦ ᠦᠭᠡᠢ ᠪᠣᠯ | ᠵᠣᠭᠰᠣᠬᠤ ᠦᠭᠡᠢ ᠠᠵᠢ᠃ ᠬᠦᠦ ᠬᠡᠣᠬᠡᠨ ᠢ ᠠᠳᠠᠯᠢᠬᠠᠨ ᠦᠵᠡᠬᠦ ᠡᠨᠡ ᠨᠢᠬᠡ ᠠᠷᠣᠣᠬᠠᠨ ᠣᠳᠣᠮᠰᠢᠯ ᠨᠢ | ᠶᠠᠪᠣᠭᠤᠳᠠ ᠪᠠᠨ ᠦᠨᠳᠦᠰᠦᠳᠡᠨ ᠤ ᠦᠰᠦᠯᠳᠡ ᠶᠢᠨ ᠰᠠᠭᠠᠳ ᠪᠣᠯᠬᠤ ᠶᠢ ᠬᠡᠨ ᠮᠡᠳᠡᠵᠢᠮ︕ | ᠦᠷ᠎ᠡ ᠬᠡᠣᠬᠡᠳ ᠪᠣᠯ ᠮᠠᠨ ᠤ ᠬᠤᠵᠢᠮ ᠢᠷᠡᠬᠡᠳᠦᠢ ᠮᠥᠨ᠃ ᠪᠢᠳᠡ ᠬᠦᠮᠦᠨ ᠪᠣᠯᠵᠦ | ᠬᠦᠵᠦᠬᠦᠦ ᠰᠡᠬᠡᠷ ᠲᠠᠢ ᠶᠠᠪᠣᠬᠤ ᠳᠠᠭᠠᠨ ᠭᠠᠭᠴᠠᠬᠦ ᠨᠢᠬᠡ ᠬᠦᠮᠦᠨ ᠤ ᠣᠬᠤᠷᠬᠠᠨ ᠴᠠᠭ ᠤᠨ ᠵᠢᠷᠭᠠᠯ ᠴᠡᠩᠬᠡᠯ ᠢ | ᠬᠦᠬᠡᠬᠡᠴᠡᠯᠳᠦᠬᠡᠳ ᠪᠠᠶᠢᠵᠦ ᠪᠣᠯᠬᠤ ᠦᠭᠡᠢ᠂ ᠡᠷᠬᠡᠪᠰᠢ ᠡᠩᠬᠦᠷᠡᠢ ᠬᠠᠶᠢᠷᠳᠠᠢ ᠦᠨᠳᠦᠰᠦᠳᠡᠨ ᠶᠠᠰᠣᠳᠠᠨ᠂ ᠡᠯᠢᠬᠡᠨ | ᠬᠤᠯᠪᠣᠭᠠᠳᠠᠢ ᠡᠬᠡ ᠣᠯᠣᠰ ᠤᠨ ᠮᠠᠨᠳᠣᠯ ᠬᠦᠭᠵᠢᠯ ᠳᠤ ᠰᠠᠨᠠᠭᠠᠰᠢᠷᠠᠵᠦ ᠦᠪᠡᠷ ᠤᠨ ᠨᠢᠬᠡᠨ ᠬᠤᠪᠢ ᠶᠢᠨ ᠨᠡᠮᠡᠷᠢ | ᠬᠠᠨᠳᠢᠪ ᠢᠶᠠᠨ ᠦᠵᠡᠬᠦᠯᠪᠡᠯ ᠵᠣᠬᠢᠨ᠎ᠠ᠃ ᠪᠢᠳᠡ ᠦᠨᠦᠳᠦᠷ ᠢᠶᠠᠨ ᠬᠠᠷᠠᠭᠠᠳ ᠪᠠᠶᠢᠵᠦ ᠪᠣᠯᠬᠤ ᠦᠭᠡᠢ᠂ ᠮᠠᠷᠭᠠᠰᠢ ᠶᠢ | ᠪᠠᠰᠠ ᠪᠣᠳᠣᠯᠬᠢᠯᠠᠵᠦ᠂ ᠬᠤᠶᠢᠴᠢ ᠦᠶ᠎ᠡ ᠶᠢᠨ ᠢᠶᠠᠨ ᠡᠬᠦᠷᠬᠡ ᠳᠠᠷᠣᠭᠠᠰᠦ ᠶᠢ ᠬᠦᠩᠬᠡᠯᠡᠬᠦ ᠳᠤ ᠣᠬᠠᠭᠠᠨ ᠢᠶᠠᠨ | ᠰᠢᠪᠬᠠᠬᠤ ᠬᠡᠷᠡᠭᠳᠡᠢ᠃ ᠳᠡᠮᠡᠢ ᠣᠳᠠᠯ ᠦᠭᠡᠢ 10 —20 ᠵᠢᠯ ᠤᠨ ᠳᠠᠷᠠᠭ᠎ᠠ ᠪᠢᠳᠡᠨ ᠤ ᠭᠠᠭᠴᠠ ᠬᠡᠣᠬᠡᠳ ᠠᠶᠢᠯ | ᠡᠷᠦᠬᠡ ᠪᠣᠰᠬᠠᠨ᠎ᠠ᠂ ᠡᠨᠡ ᠦᠶ᠎ᠡ ᠳᠤ ᠪᠢᠳᠡ ᠴᠦ ᠣᠷᠴᠢᠯᠠᠩ ᠤᠨ ᠵᠢᠮ᠎ᠡ ᠶᠣᠰᠦ ᠪᠠᠷ ᠦᠰᠦ ᠬᠡᠵᠢᠬᠡ ᠴᠠᠶᠢᠭᠠᠳ | ᠡᠭᠦᠳᠡᠨ ᠰᠢᠳᠦ ᠣᠨᠠᠭᠰᠠᠨ ᠨᠠᠰᠣᠳᠠᠳ ᠪᠣᠯᠣᠨ᠎ᠠ᠃ ᠬᠦᠮᠦᠨ ᠵᠢᠷᠠ ᠭᠠᠷᠣᠭᠰᠠᠭᠠᠷ ᠬᠦᠴᠦᠨ ᠳᠠᠮᠢᠷ ᠰᠣᠯᠠᠷᠠᠵᠦ | ᠬᠦᠳᠡᠯᠮᠦᠷᠢ ᠶᠢᠨ ᠴᠢᠳᠠᠪᠣᠷᠢ ᠪᠠᠨ ᠠᠯᠳᠠᠭᠠᠳ᠂ ᠢᠳᠡᠵᠦ ᠡᠮᠦᠰᠬᠦ ᠳᠡᠳᠦᠶᠢᠯᠡ ᠬᠡᠷᠡᠭᠴᠡᠬᠡᠨ ᠠᠴᠠ ᠪᠠᠨ ᠭᠠᠷᠣᠭᠰᠠᠨ | ᠬᠦᠮᠦᠨ ᠪᠣᠯᠳᠠᠭ᠃ ᠢᠩᠬᠢᠬᠡᠳ ᠬᠤᠶᠢᠰᠢ ᠶᠢᠨ ᠠᠮᠢᠳᠣᠷᠠᠯ ᠢᠶᠠᠨ ᠦᠷ᠎ᠡ ᠬᠡᠣᠬᠡᠳ ᠲᠡᠭᠡᠨ ᠳᠦᠰᠢᠭᠯᠡᠵᠦ ᠦᠳᠡᠯᠡᠭᠡ | ᠨᠠᠰᠣᠨ ᠤ ᠠᠶᠠᠯᠠᠯ ᠢᠶᠠᠨ ᠬᠦᠬᠡᠬᠡᠬᠦ ᠳᠤ ᠬᠦᠷᠳᠡᠭ᠃ ᠳᠡᠷᠡ ᠦᠶ᠎ᠡ ᠳᠤ ᠬᠦᠦ ᠪᠣᠯᠣᠨ ᠪᠡᠷᠢ ᠴᠢᠨᠢ ︵ᠡᠰᠡᠬᠦᠯ᠎ᠡ | ᠦᠬᠢᠨ ᠬᠦᠷᠬᠡᠨ︶ ᠠᠪᠤ ᠡᠵᠢ ᠪᠣᠯᠣᠨ ᠬᠠᠳᠠᠮ ᠠᠪᠤ ᠡᠵᠢ ᠳᠦᠷᠪᠡᠬᠦᠯᠡ ᠶᠢ ᠳᠡᠵᠢᠬᠡᠬᠦ ᠡᠬᠦᠷᠬᠡ ᠶᠢ ᠡᠬᠦᠷᠬᠡᠯᠡᠬᠦ | ᠪᠣᠯᠣᠨ᠎ᠡ᠃ ᠳᠡᠬᠡᠬᠡᠳ ᠪᠠᠰᠠ ᠭᠤᠯᠣᠮᠳᠠ ᠪᠠᠳᠠᠷᠭᠠᠬᠤ ᠦᠷ᠎ᠡ ᠬᠡᠣᠬᠡᠳ ᠨᠢᠬᠡ ᠬᠤᠶᠡᠷ ᠠᠪᠬᠤ ᠲᠠᠢ ᠠᠷᠪᠠᠭᠠᠳ ᠠᠮᠠ | ᠬᠦᠮᠦᠨ ᠢ ᠳᠡᠵᠢᠬᠡᠬᠦ ᠠᠯᠪᠠ ᠳᠣᠯᠭᠠᠷᠠᠨᠠ᠃ ᠨᠡᠩ ᠴᠢᠨᠠᠭᠰᠢᠯᠠᠭᠠᠳ ᠡᠳᠦᠬᠡ ᠶᠢᠨ ᠵᠢᠷᠭᠠᠯᠳᠦ ᠨᠡᠶᠢᠬᠡᠮ ᠳᠤ ᠰᠢᠮ᠎ᠡ | ᠳᠡᠵᠢᠬᠡᠯ ᠲᠠᠢ ᠬᠤᠭᠤᠯᠠ ᠢᠳᠡᠵᠦ᠂ ᠳᠦᠷᠪᠡᠨ ᠴᠠᠭ ᠤᠨ ᠬᠤᠪᠴᠠᠰᠦ ᠳᠣᠬᠢᠷᠠᠭᠤᠯᠣᠨ ᠪᠡᠶ᠎ᠡ ᠰᠣᠪᠢᠯᠠᠵᠦ ᠪᠠᠶᠢᠬᠤ | ᠶᠢᠨ ᠳᠡᠭᠡᠷ᠎ᠡ᠂ ᠡᠮ ᠡᠮᠨᠡᠯᠬᠡ ᠶᠢᠨ ᠨᠦᠬᠦᠴᠡᠯ ᠰᠠᠶᠢᠵᠢᠷᠠᠭᠰᠠᠨ ᠢᠶᠠᠷ ᠡᠩ ᠤᠨ ᠡᠪᠡᠳᠴᠢᠨ ᠢᠶᠠᠷ ᠦᠬᠦᠬᠦ ᠬᠦᠮᠦᠨ | ᠦᠭᠡᠢ ᠪᠣᠯᠵᠦ᠂ ᠣᠷᠳᠦ ᠨᠠᠰᠣᠯᠠᠬᠤ ᠨᠢ ᠠᠷᠪᠢᠨ ᠪᠣᠯᠵᠠᠢ᠃ ᠡᠶᠢᠮᠦ ᠠᠴᠠ ᠮᠠᠨ ᠤ ᠬᠡᠣᠬᠡᠳ ᠡᠪᠦᠭᠡ ᠡᠮᠡᠭᠡ᠂ | ᠨᠠᠭᠠᠴᠦ ᠡᠪᠦᠭᠡ ᠨᠠᠭᠠᠴᠦ ᠡᠮᠡᠭᠡ ᠢᠶᠠᠨ ᠴᠦ ᠳᠡᠵᠢᠬᠡᠬᠦ ᠳᠠᠪᠬᠤᠷ ᠡᠬᠦᠷᠬᠡ ᠲᠠᠢ ᠪᠠᠶᠢᠵᠦ᠂ ᠨᠢᠬᠡ ᠬᠡᠷ ᠤᠨ 12 ᠠᠮᠠ | ᠶᠢᠨ 10 ᠨᠢ ᠳᠡᠵᠢᠭᠡᠭᠳᠡᠬᠦ ᠪᠣᠯᠣᠨ᠎ᠠ᠃ ᠬᠦᠬᠡᠷᠦᠬᠦᠢ ᠬᠤᠶᠠᠷ ᠬᠡᠣᠬᠡᠳ ᠮᠠᠨᠢ ᠨᠠᠢᠮᠠᠨ ᠨᠠᠰᠣᠳᠠᠨ ᠠᠰᠠᠷᠠᠭᠠᠳ ᠪᠠᠰᠠ | ᠬᠡᠣᠬᠡᠳ ᠦᠰᠬᠡᠨ ᠪᠣᠶᠢᠵᠢᠭᠤᠯᠵᠦ ᠰᠣᠷᠭᠠᠭᠤᠯᠢ ᠰᠣᠶᠣᠯ ᠶᠢᠨ ᠮᠦᠷ ᠬᠦᠬᠡᠯᠬᠡᠨᠡ ᠬᠡᠭᠴᠢ ᠦᠨᠡᠬᠡᠷ ᠬᠢᠯᠪᠠᠷ ᠠᠵᠢᠯ | ᠪᠢᠰᠢ ᠪᠣᠯᠬᠤ ᠨᠢ ᠡ︕ ᠬᠡᠷᠪᠡ ᠬᠤᠶᠠᠷ ᠠᠴᠠ ᠳᠡᠭᠡᠭᠰᠢ ᠬᠡᠣᠬᠡᠳ ᠲᠠᠢ ᠪᠠᠶᠢᠭᠰᠠᠨ ᠪᠣᠯ ᠡᠨᠡ ᠬᠦᠨᠳᠦ ᠡᠬᠦᠷᠬᠡ | ᠬᠠᠭᠠᠰ ᠢᠶᠠᠷ ᠬᠦᠩᠬᠡᠷᠡᠬᠦ ᠪᠢᠰᠢᠣ︖ | ᠬᠡᠷ ᠪᠦᠯᠢ ᠪᠣᠯ ᠨᠡᠶᠢᠬᠡᠮ ᠢ ᠪᠦᠷᠢᠯᠳᠦᠬᠦᠯᠦᠭᠰᠡᠨ ᠦᠨᠳᠦᠰᠦᠨ ᠨᠢᠬᠡᠴᠡ ᠪᠣᠯᠬᠤ ᠳᠣᠯᠠ᠂ ᠬᠡᠷ | ᠪᠦᠯᠢ ᠶᠢᠨ ᠳᠠᠷᠣᠭᠠᠰᠦ ᠬᠦᠩᠬᠡᠷᠡᠪᠡᠯ ᠨᠡᠶᠢᠬᠡᠮ ᠤᠨ ᠳᠠᠷᠣᠭᠠᠰᠦ ᠬᠦᠩᠭᠡᠷᠡᠵᠦ ᠳᠣᠭᠳᠠᠭᠤᠨ ᠢᠶᠠᠷ ᠬᠦᠭᠵᠢᠬᠦ ᠪᠣᠯᠣᠨ᠎ᠠ᠂ | ᠳᠣᠭᠳᠠᠭᠤᠨ ᠨᠡᠶᠢᠬᠡᠮ ᠵᠢᠷᠭᠠᠯᠳᠦ ᠠᠮᠢᠳᠣᠷᠠᠯ ᠤᠨ ᠳᠦᠯᠦᠬᠡ ᠢᠯᠡᠬᠦᠦ ᠬᠡᠣᠬᠡᠳ ᠠᠪᠴᠠᠭᠠᠶ᠎ᠠ︕ | | ᠠᠰᠢᠭᠯᠠᠭᠰᠠᠨ ᠨᠣᠮ᠄ | ︵1︶᠂ ︵2︶ ︿︿ᠵᠢᠷᠢᠮ ᠤᠨ ᠰᠦᠮ᠎ᠡ ᠬᠡᠶᠢᠳ﹀﹀ ᠦᠪᠦᠷ ᠮᠣᠩᠭᠤᠯ ᠤᠨ ᠠᠷᠠᠳ ᠤᠨ | ᠬᠡᠪᠯᠡᠯ ᠤᠨ ᠬᠤᠷᠢᠶ᠎ᠠ᠂1993 ᠣᠨ ᠤ ᠬᠡᠪᠯᠡᠯ᠃ | ︵3︶ ᠳ᠋ᠧᠯᠢᠭ ︿︿ᠦᠪᠦᠷ ᠮᠣᠩᠭᠤᠯ ᠤᠨ ᠱᠠᠰᠢᠨ ᠤ ᠳᠡᠣᠬᠡ﹀﹀ ᠦᠪᠦᠷ ᠮᠤᠩᠭᠤᠯ ᠤᠨ | ᠠᠷᠠᠳ ᠤᠨ ᠬᠡᠪᠯᠡᠯ ᠤᠨ ᠬᠤᠷᠢᠶ᠎ᠡ᠂ 1998 ᠣᠨ ᠤ ᠬᠡᠪᠯᠡᠯ᠃ | ︵4︶ ︵5︶ ︵7︶ ᠳ᠋ᠠᠮᠪᠠ ︿︿ᠮᠣᠩᠭᠤᠯ ᠳᠡᠣᠬᠡ ᠶᠢᠨ ᠯᠧᠺᠽᠢ﹀﹀ ᠦᠪᠦᠷ ᠮᠣᠩᠭᠤᠯ ᠤᠨ | ᠶᠡᠭᠡ ᠰᠣᠷᠭᠠᠭᠤᠯᠢ ᠶᠢᠨ ᠬᠡᠪᠯᠡᠯ ᠤᠨ ᠬᠤᠷᠢᠶ᠎ᠡ᠂1993 ᠣᠨ ᠤ ᠬᠡᠪᠯᠡᠯ᠃ | ︵6︶ ᠨᠠ᠊᠂ ᠪᠣᠶᠠᠨᠬᠡᠰᠢᠭ ︿︿ᠠᠯᠳᠠᠨ ᠪᠣᠭᠳᠠ ᠶᠢᠨ ᠰᠢᠯᠢ﹀﹀ ᠦᠪᠦᠷ ᠮᠣᠩᠭᠤᠯ ᠤᠨ ᠰᠣᠶᠣᠯ | ᠤᠨ ᠬᠡᠪᠯᠡᠯ ᠤᠨ ᠬᠤᠷᠢᠶ᠎ᠠ᠂2004 ᠣᠨ ᠤ ᠬᠡᠪᠯᠡᠯ᠃ | ︵8︶ ︵9︶ ︿︿ᠨᠠᠰᠣᠳᠠᠶᠢᠴᠣᠳ ᠤᠨ ᠶᠢᠷᠳᠢᠨᠴᠦ﹀﹀ ᠰᠡᠳᠬᠦᠯ ︵ ᠬᠢᠳᠡᠳ ᠬᠡᠪᠯᠡᠯ︶ | 2005 ᠣᠨ ᠤ15 ᠳ᠋ᠣᠬᠡᠷ ᠬᠤᠭᠤᠴᠠᠭ᠎ᠠ᠃ | (2007 ᠣᠨ ᠤ ᠬᠠᠪᠣᠷ ᠪᠢᠴᠢᠵᠦ᠂2009 ᠣᠨ ᠤ ᠡᠪᠦᠯ ᠳᠠᠬᠢᠨ ᠵᠠᠰᠠᠪᠠ᠃) | | ᠬᠠᠶ᠋ᠢᠭ᠄ ᠪᠠᠭᠠᠷᠢᠨ ᠪᠠᠷᠠᠭᠤᠨ ᠬᠤᠰᠢᠭᠤᠨ ᠤ | ᠵᠢᠷᠭᠠᠯ ᠵᠠᠮ ᠰᠣᠮᠣ ᠶᠢᠨ ᠴᠣᠩᠵᠢᠨ ᠭᠠᠴᠠᠭᠠᠨ ᠤ ᠰᠦᠮ᠎ᠡ ᠳᠣᠭᠤᠶᠢᠯᠠᠩ᠃ | | |