ᠬᠤᠪᠢᠷᠠᠯᠳᠠ
ᠨᠡᠶᠢᠲᠡᠯᠡᠭᠰᠡᠨ ᠴᠠᠭ᠄
2009/12/10
 ᠠᠯᠵᠢᠶᠠᠯ ᠲᠠᠢ ᠰᠤᠷᠤᠯᠭ᠎ᠠ ᠪᠠᠨ ᠲᠡᠬᠦᠰᠬᠡᠬᠡᠳ ᠠᠮᠠ ᠬᠠᠮᠬᠢᠯ ᠦᠬᠡᠢ ᠪᠠᠶᠠᠷᠯᠡᠵᠤ ᠠᠪᠳᠠᠭ ᠶᠠᠭᠤᠮ᠎ᠠ ᠪᠠᠨ ᠲᠦᠬᠦᠬᠡᠷᠤᠨ ᠠᠷᠤ ᠬᠡᠷ ᠲᠡᠭᠡᠨ ᠪᠤᠴᠠᠯ᠎ᠠ᠃ ᠮᠠᠰᠢᠨ ᠳᠤ ᠭᠠᠷᠤᠭᠠᠳ ᠲᠠᠪᠬᠢᠭᠤᠯᠬᠤ ᠳᠤ ᠮᠠᠨᠠᠷᠠᠭᠰᠠᠨ ᠲᠤᠭᠤᠰᠤ ᠰᠤᠭᠤᠨᠠᠭᠯᠠᠨ ᠮᠠᠩᠬ᠎ᠠ ᠪᠠᠷ ᠪᠤᠯᠠᠭᠳᠠᠭᠰᠠᠨ ᠨᠤᠳᠤᠭ ᠮᠢᠨᠢ ᠮᠠᠰᠢ ᠤᠯᠠᠨ ᠢ ᠪᠤᠳᠤᠭᠳᠠᠭᠤᠯᠤᠨ᠎ᠠ … ᠰᠠᠭᠰᠠᠶᠢᠭᠰᠠᠨ ᠲᠤᠮᠤᠬᠠᠨ ᠮᠤᠳᠤᠳ ᠨᠢ ᠰᠠᠨᠠᠭ᠎ᠠ ᠠᠯᠳᠠᠬᠤ ᠰᠢᠭ ᠬᠤᠯᠴᠠᠶᠢᠭᠠᠳ ᠰᠠᠶᠢᠬᠠᠨ ᠨᠠᠷᠢᠨ ᠵᠦᠷᠢᠭ ᠨᠢ ᠰᠠᠶᠢᠷ ᠡᠯᠡᠰᠦ ᠪᠠᠷ ᠮᠠᠨᠠᠷᠠᠭᠠᠳ ᠤᠮᠤᠭᠰᠢᠯ ᠪᠤᠯᠳᠠᠭ ᠬᠦᠩᠬᠡᠷ ᠤᠨ ᠭᠤᠤᠯ ᠮᠢᠨᠢ ᠤᠭᠤᠴᠢ ᠲᠡᠳᠦᠢ ᠯᠠ ᠮᠠᠯᠮᠠᠯᠵᠡᠬᠡᠳ ᠤᠯᠳᠠᠰᠢ ᠦᠬᠡᠢ ᠲᠠᠯᠠᠢ ᠨᠠᠭᠤᠷ ᠮᠢᠨᠢ ᠤᠯᠪᠤᠭ ᠲᠡᠳᠦᠢ ᠯᠠ ᠨᠡᠯᠦᠶᠢᠬᠡᠳ ᠠᠪᠴᠤ ᠪᠤᠯᠤᠮᠠᠷ ᠵᠤᠶᠢᠯᠡᠰ ᠨᠢ ᠠᠷᠪᠠᠨ ᠬᠤᠷᠤᠭᠤ ᠪᠠᠷ ᠲᠤᠭᠠᠯᠠᠴᠢᠬᠠᠮᠠᠷ ᠠᠭᠤᠷᠬᠠᠢ ᠵᠤᠵᠠᠭᠠᠨ ᠬᠦᠷᠦᠰᠦ ᠨᠢ ᠡᠪᠤᠷ ᠲᠦᠬᠦᠷᠡᠩ ᠢᠷᠠᠭᠳᠠᠭᠠᠳ  ᠦᠵᠡᠭᠰᠡᠨ ᠪᠦᠬᠦᠨ ᠳᠤ ᠦᠷᠦᠪᠳᠦᠯ ᠲᠦᠷᠦᠭᠳᠡᠬᠦᠯᠵᠤ ᠬᠠᠷᠠᠭᠰᠠᠨ ᠪᠦᠬᠦᠨ ᠳᠤ ᠬᠠᠷᠠᠮᠰᠠᠯ ᠦᠯᠡᠳᠡᠬᠡᠵᠤ ᠪᠠᠭ᠎ᠠ ᠶᠢᠨ ᠪᠠᠶᠠᠯᠢᠭ ᠨᠤᠳᠤᠭ ᠮᠢᠨᠢ ᠪᠤᠳᠤᠯ ᠳᠤ ᠢᠩᠬᠢᠬᠡᠳ ᠯᠠ ᠬᠤᠴᠤᠷᠴᠠᠢ ᠪᠠᠭ᠋ᠠᠷᠤᠮ᠎ᠠ ᠭᠤᠶᠤᠯᠢᠭ ᠦᠵᠡᠮᠵᠢ ᠨᠢ ᠪᠠᠯᠠᠷᠠᠰᠢ ᠦᠬᠡᠢ ᠲᠤᠷᠠᠳᠬᠠᠯ ᠯᠠ ᠪᠤᠯᠵᠠᠢ ………                                                                     ᠵᠢᠯᠤᠭᠤᠳᠤᠭᠰᠠᠨ ᠪᠠᠭᠰᠢ᠄ ᠪᠤᠤ ᠶᠢᠨ ᠱᠠᠨ 
 
ᠢᠷᠡᠯᠲᠡ᠄ www.kqmw.gov.cn
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号