ᠰᠢᠷᠡᠭᠡ ᠴᠢᠯᠠᠭᠤ
ᠨᠡᠶᠢᠲᠡᠯᠡᠭᠰᠡᠨ ᠴᠠᠭ᠄
2009/11/19
       ᠨᠤᠳᠤᠭ ᠤᠨ ᠢᠶᠠᠨ ᠠᠭᠤᠯᠠ ᠬᠠᠳᠠ ᠪᠠᠷ ᠳᠤᠭᠤᠷᠢᠬᠤ ᠬᠡᠵᠦ ᠪᠠᠰᠠ ᠨᠢᠬᠡ ᠵᠢᠷᠭᠠᠯ ᠠᠵᠢ᠃       ᠬᠡᠳᠦᠶᠢᠪᠡᠷ ᠨᠠᠮᠤᠷ ᠤᠨ ᠰᠡᠭᠦᠯᠴᠢ ᠤᠷᠤᠵᠦ ᠡᠭᠡ ᠪᠠᠶᠢᠭᠠᠯᠢ ᠳᠠᠭᠤᠤ ᠱᠤᠤ ᠪᠠᠷ ᠴᠤᠬᠤᠷᠳᠠᠨ᠂ ᠮᠤᠳᠤᠨ ᠤ ᠨᠠᠪᠴᠢ ᠰᠢᠷᠠᠯᠠᠨ ᠬᠤᠶᠢᠯᠠᠷᠠᠵᠦ᠂ ᠨᠢᠬᠡ ᠯᠠ ᠤᠶᠢᠳᠬᠠᠷᠯᠠᠨ᠂ ᠪᠠᠶᠢᠭᠠᠯᠢ ᠳᠠᠭᠠᠨ ᠬᠤᠷᠭᠤᠳᠠᠬᠤ ᠰᠢᠬ ᠰᠠᠨᠠᠭᠳᠠᠭᠤᠯᠳᠠᠭ ᠪᠤᠯᠪᠠᠴᠤ ᠡᠨᠡ ᠡᠳᠦᠷ ᠬᠠᠷᠢᠨ ᠰᠠᠯᠬᠢ ᠦᠬᠡᠢ᠂ ᠤᠷᠴᠢᠨ ᠳᠤᠭᠤᠷᠢᠨ ᠨᠠᠮ ᠵᠢᠮ ᠪᠠᠶᠢᠯ᠎ᠠ᠃ ᠪᠢ ᠠᠪᠤ ᠪᠠᠨ ᠳᠠᠭᠠᠵᠤ ᠬᠤᠨᠢ ᠬᠠᠷᠢᠭᠤᠯᠬᠤ ᠪᠠᠷ ᠶᠠᠪᠤᠪᠠ᠃ ᠨᠡᠯᠦᠭᠡᠷ ᠶᠡᠭᠡ ᠠᠭᠤᠯᠠᠨ ᠬᠠᠩᠭᠠᠢ ᠳᠤ ᠬᠤᠨᠢᠨ ᠰᠦᠷᠦᠭ  ᠢᠶᠠᠨ ᠪᠡᠯᠴᠢᠭᠡᠬᠦ ᠳᠤ ᠠᠪᠤ ᠪᠢᠳᠡ ᠬᠤᠶᠠᠭᠤᠯᠠ ᠶᠡᠭᠡ ᠯᠠ ᠰᠡᠯᠡᠬᠦᠨ ᠳᠠᠭᠠᠲᠠᠢ ᠰᠠᠨᠠᠭᠳᠠᠬᠤ ᠪᠤᠯᠪᠠᠴᠤ ᠴᠠᠭᠠᠨ᠎ᠠ ᠪᠠᠨ ᠨᠢᠬᠡ ᠯᠠ ᠤᠶᠢᠳᠬᠠᠷᠲᠠᠢ᠃ ᠠᠪᠤ ᠦᠭᠡ ᠳᠠᠭᠤ ᠦᠭᠡᠢ ᠬᠡᠰᠡᠭ ᠤᠳᠠᠭᠰᠠᠨ ᠢᠶᠠᠨ᠄ ︽ᠠᠢ ᠳ᠋ᠠ᠂ ᠵᠢᠯ ᠠᠴᠠ ᠵᠢᠯ ᠭᠠᠩᠳᠠᠭᠠᠳ ᠤᠯᠠᠭᠠᠨ ᠨᠢᠴᠦᠬᠦᠨ ᠪᠤᠯᠬᠤ ᠰᠢᠬᠠᠵᠦ ᠪᠠᠶᠢᠨ᠎ᠠ᠃ ᠡᠨᠡ ᠬᠤᠨᠢᠨ ᠤ ᠳᠠᠷᠭᠤ ᠬᠡᠵᠦ ᠡ᠂᠂᠂᠂᠂᠂︾ ᠬᠡᠵᠦ ᠶᠠᠷᠢᠶ᠎ᠠ ᠪᠠᠨ ᠡᠬᠢᠯᠡᠬᠦᠯᠵᠦ ᠳᠠᠮᠠᠬᠢ ᠪᠠᠨ ᠬᠦᠴᠦᠲᠠᠢ ᠰᠤᠷᠤᠯᠬᠢᠯᠠᠨ᠎ᠠ᠃ ᠬᠠᠵᠠᠭᠤ ᠳᠤ ᠨᠢ ᠱᠤᠪᠤᠶᠢᠵᠦ ᠰᠠᠭᠤᠭᠰᠠᠨ ᠮᠢᠨᠤ ᠳᠤᠳᠤᠷ᠎ᠠ ᠨᠢᠬᠡ ᠯᠠ ᠠᠶ᠎ᠠ ᠦᠬᠡᠢ ᠰᠠᠨᠠᠭᠳᠠᠨ᠂ ᠠᠭᠤᠯᠠ ᠮᠠᠴᠤᠵᠦ᠂ ᠦᠨᠳᠦᠷ ᠠᠭᠤᠯᠠᠨ ᠤ ᠵᠠᠪᠠ ᠶᠢᠨ ᠬᠠᠵᠠᠭᠤ ᠢᠷᠮᠡᠭ ᠢᠶᠠᠷ ᠵᠤᠷᠠᠶᠢᠳᠠᠭ ᠨᠠᠷᠢᠨ ᠵᠦᠷᠢᠭ ᠢᠶᠠᠷ ᠦᠭᠰᠦᠪᠡ᠃ ᠡᠭᠦᠨ ᠢ ᠨᠤᠳᠤᠭ ᠤᠨ ᠬᠢᠨ ︽ᠪᠠᠷᠳᠠᠭ᠎ᠠ ᠶᠢᠨ ᠭᠤᠤ︾ ᠬᠡᠵᠦ ᠨᠡᠷᠡᠶᠢᠳᠦᠳᠡᠭ᠃ ᠳᠤᠰ ᠭᠤᠤ ᠶᠢᠨ ᠬᠠᠵᠠᠭᠤ ᠪᠠᠷ ᠦᠩᠭᠡᠷᠡᠬᠦ ᠳᠤ ᠪᠠᠷᠳᠠᠭ᠎ᠠ ᠬᠠᠶᠢᠬᠤ ᠠᠴᠠ ᠳᠤᠳᠠᠭᠤ ᠦᠬᠡᠢ ᠠᠶᠤᠯ ᠲᠠᠢ ᠪᠠᠶᠢᠳᠠᠭ ᠢᠶᠠᠷ ᠢᠶᠠᠨ ᠢᠩᠬᠡᠵᠦ ᠨᠡᠷᠡᠶᠢᠳᠦᠭᠳᠡᠭᠰᠡᠨ ᠪᠤᠯᠤᠯᠲᠠᠢ᠃ ᠪᠢ ᠳᠦᠩᠬᠡᠵᠦ ᠤᠷᠤᠢ ᠳᠤ ᠨᠢ ᠭᠠᠷᠪᠠ᠃ ᠲᠠᠷᠡ ᠪᠠᠷᠳᠠᠭ᠎ᠠ ᠶᠢᠨ ᠭᠤᠤ ᠬᠡᠳᠦᠶᠢᠪᠡᠷ ᠠᠶᠤᠳᠠᠰᠤ ᠳᠦᠷᠦᠮᠡᠷ ᠴᠤ ᠨᠠᠳᠠ ᠬᠠᠷᠢᠨ ᠨᠢᠬᠡ ᠯᠠ ᠳᠠᠨᠢᠯ ᠳᠠᠰᠤᠯ ᠪᠤᠯᠵᠦ᠂ ᠰᠤᠷᠭᠠᠭᠤᠯᠢ ᠰᠤᠶᠤᠯ ᠤᠨ ᠮᠦᠷ ᠢ ᠬᠦᠭᠡᠭᠡᠵᠦ᠂ ᠨᠠᠭᠠᠰᠢ ᠴᠠᠭᠠᠰᠢ ᠦᠩᠭᠡᠷᠡᠬᠦ ᠶᠢᠨ ᠳᠤᠭᠠᠯᠠᠩ ᠳᠤ ᠵᠠᠪᠠᠯ ᠴᠤ ᠨᠢᠬᠡ ᠨᠢᠳᠦ ᠬᠠᠶᠠᠳᠠᠭ ᠪᠤᠯᠭᠠᠵᠠᠢ᠃       ᠪᠢ ᠬᠠᠳᠠᠨ ᠤ ᠤᠷᠤᠢ ᠳᠠᠭᠡᠷ᠎ᠡ ᠰᠠᠭᠤᠵᠦ ᠠᠮᠠᠷᠠᠪᠠ᠃ ᠭᠡᠨᠡᠳᠳᠡ ᠬᠠᠳᠠᠨ ᠤ ᠵᠡᠭᠦᠨ ᠰᠡᠵᠢᠬᠦᠷ ᠤᠨ ᠳᠤᠤᠷᠬᠠᠨ ᠳᠤ ᠨᠢᠬᠡ ᠡᠯᠢᠶ᠎ᠠ ᠶᠢᠨ ᠡᠭᠦᠷ ᠨᠢᠳᠦᠨ ᠳᠤ ᠦᠷᠳᠦᠭᠳᠡᠬᠦ ᠪᠠᠷ ᠨᠢ ᠵᠤᠪᠤᠭ ᠨᠠᠭᠠᠳᠴᠤ ᠨᠤᠷᠠᠭᠠᠬᠤ ᠬᠡᠵᠦ ᠰᠠᠨᠠᠯ᠎ᠠ᠃ ᠬᠠᠳᠠᠨ ᠳᠤ ᠠᠷᠠᠶᠢᠬᠠᠨ ᠳᠠᠯᠳᠠᠯᠠᠭᠳᠠᠵᠦ ᠪᠠᠶᠢᠷᠢᠯᠠᠭᠰᠠᠨ ᠪᠤᠯᠬᠤᠷ ᠴᠢᠯᠠᠭᠤ ᠪᠠᠷ ᠴᠤᠬᠢᠵᠦ ᠤᠨᠠᠭᠠᠬᠤ ᠯᠠ ᠬᠡᠷᠡᠭᠲᠠᠢ ᠪᠠᠶᠢᠪᠠ᠃ ᠡᠬᠢᠯᠡᠭᠡᠳ ᠬᠡᠲᠦ ᠤᠳᠠᠭ᠎ᠠ ᠴᠤᠬᠢᠭᠰᠠᠨ ᠳᠤ ᠤᠨᠤᠭᠰᠠᠨ ᠦᠬᠡᠢ᠃ ᠪᠢ ᠬᠡᠲᠡᠷᠯᠡᠭᠰᠡᠨ ᠬᠦᠴᠦᠨ ᠳᠡᠭᠡᠨ ᠦᠢᠯᠡ ᠪᠠᠨ ᠪᠠᠷᠠᠨ ᠪᠠᠶᠢᠵᠦ᠂ ᠨᠢᠬᠡ ᠳᠤᠮᠤ ᠳᠦᠷᠪᠡᠯᠵᠢᠨ ᠰᠢᠷᠡᠭᠡ ᠬᠡᠮᠡᠷ ᠴᠢᠯᠠᠭᠤ ᠶᠢ ᠬᠡᠳᠦ ᠠᠮᠢᠰᠬᠤᠨ ᠳᠠᠮᠨᠠᠨ ᠠᠪᠴᠢᠷᠠᠵᠦ ᠬᠠᠳᠠᠨ ᠴᠤᠬᠢᠶ᠎ᠠ ᠠᠴᠠ ᠪᠦᠮᠪᠦᠷᠢᠬᠦᠯᠦᠨ ᠳᠦᠯᠬᠢᠭᠰᠡᠨ ᠳᠤ ᠨᠢᠬᠡ ᠪᠦᠬᠡᠮ ᠶᠠᠭᠤᠮ᠎ᠠ ᠵᠠᠪᠠ ᠤᠷᠤᠭᠤ ᠨᠢᠰᠪᠡ᠃ ᠱᠤᠤᠬᠢᠨ ᠱᠤᠤᠬᠢᠭᠰᠠᠭᠠᠡᠷ ᠮᠢᠨᠦ᠋ᠲ ᠬᠢᠷᠢᠳᠠᠢ ᠤᠳᠠᠭᠠᠳ ᠰᠠᠶ᠋ᠢ ᠭᠤᠤ ᠳᠤ ᠳᠤᠰᠤᠭᠰᠠᠨ ᠪᠤᠯᠤᠯᠲᠠᠢ ᠠᠭᠤᠯᠠ ᠬᠠᠳᠠ ᠠᠨᠢᠷᠯᠠᠭᠰᠠᠨ ᠲᠡᠰᠦᠷᠡᠬᠦ ᠳᠠᠭᠤᠨ ᠰᠤᠨᠤᠰᠳᠠᠪᠠ᠃ ᠮᠢᠨᠤ ᠳᠤᠳᠤᠷ᠎ᠠ ᠨᠢᠬᠡ ᠯᠠ ᠤᠩᠭᠤᠶᠢᠭᠰᠠᠨ ᠪᠤᠯᠵᠦ ᠠᠮᠠᠷᠠᠪᠠ᠃ ᠬᠡᠪᠡᠴᠤ ᠰᠠᠯᠬᠢ ᠬᠦᠲᠡᠯᠦᠭᠰᠠᠨ ᠪᠤᠯᠤᠯᠲᠠᠢ᠂ ᠵᠢᠬᠡᠭᠦᠨ ᠵᠢᠪᠠᠷᠯᠠᠵᠦ᠂ ᠭᠡᠷ ᠲᠡᠭᠡᠨ ᠬᠠᠷᠢᠬᠤ ᠶᠢ ᠪᠤᠳᠤᠬᠤ ᠪᠠᠷ ᠡᠵᠢ ᠶᠢᠨ ᠶᠠᠷᠢᠵᠦ ᠪᠠᠶᠢᠭᠰᠠᠨ ᠦᠭᠡᠰ ᠰᠠᠨᠠᠭᠳᠠᠯ᠎ᠠ᠃ ︽︿ᠬᠦᠮᠦᠨ ᠬᠡᠷ ᠲᠠᠢ᠂ ᠰᠢᠪᠠᠭᠤ ᠡᠭᠦᠷ ᠲᠠᠢ﹀ ᠬᠡᠳᠡᠭ ᠢ ᠤᠬᠠᠭᠠᠷᠠᠵᠤ ᠶᠠᠪᠤ︕ ᠮᠤᠷᠢ ᠮᠠᠯ ᠴᠤ ᠠᠳᠠᠯᠢᠬᠠᠨ ᠶᠤᠮ᠃ ᠬᠡᠲᠦᠢ ᠬᠤᠯᠠ ᠶᠠᠪᠤᠭᠰᠠᠨ ᠴᠤ ᠨᠤᠳᠤᠭ ᠵᠦᠭ ᠢᠶᠠᠨ ᠴᠢᠭᠯᠡᠳᠡᠭ ᠶᠤᠮ︾ ᠬᠡᠰᠠᠨ ᠨᠢ ᠰᠤᠨᠤᠰᠳᠠᠬᠤ ᠰᠢᠬ ᠪᠤᠯᠵᠦ᠂ ᠭᠤᠶᠠᠨ ᠤ ᠲᠤᠯᠢᠶᠠᠨ ᠲᠡᠭᠡᠷ᠎ᠡ ᠪᠠᠨ ︽ᠭᠠᠯ ᠲᠠᠢ ᠰᠠᠷᠠᠨ︾ ᠲᠠᠮᠠᠭ᠎ᠠ ᠲᠠᠢ ᠨᠢᠭᠡ ᠰᠠᠷᠠᠯ ᠮᠤᠷᠢ ᠪᠤᠳᠤᠯ ᠳᠤ ᠮᠢᠨᠢ ᠦᠥᠷᠰᠡᠪᠡ᠃ ᠪᠠᠯᠳᠠᠨ ᠡᠪᠦᠭᠡᠨ ᠰᠦᠬᠦᠮ ᠴᠠᠭᠠᠨ ᠭᠠᠩᠰᠠ ᠪᠠᠷ ᠰᠤᠯᠢᠭᠠᠳ ᠬᠡᠳᠦᠨ ᠵᠢᠯ ᠦᠩᠭᠡᠷᠡᠭᠰᠠ ᠤ ᠬᠤᠶᠢᠨ᠎ᠠ ᠨᠠᠰᠤᠨ ᠤ ᠪᠠᠨ ᠡᠴᠦᠰ ᠲᠤ ᠨᠤᠳᠤᠭ ᠲᠠᠭᠠᠨ ᠢᠷᠡᠵᠦ ᠶᠠᠰᠤ ᠪᠠᠨ ᠲᠠᠯᠪᠢᠭᠰᠠᠨ ᠠᠮᠢᠳᠠᠨ ᠶᠤᠮ ᠰᠠᠨ᠃ ᠲᠡᠭᠡᠬᠦ ᠳᠤ ᠪᠠᠯᠳᠠᠨ ᠡᠪᠦᠭᠡᠨ ᠲᠡᠷᠡ ᠮᠠᠭᠤ ᠮᠤᠳᠤ ᠲᠤᠯᠤᠭᠠᠢ ᠠᠴᠠ ᠮᠡᠬᠢᠷ ᠪᠤᠬᠢᠷ ᠬᠤᠶᠠᠷ ᠠᠴᠠ ᠦᠭᠡᠷ᠎ᠡ ᠶᠠᠭᠤᠮ᠎ᠠ ᠤᠯᠤᠭ᠎ᠠ ᠦᠭᠡᠢ᠃ ᠡᠴᠦᠰ ᠲᠡᠭᠡᠨ ᠰᠦᠬᠦᠮ ᠴᠠᠭᠠᠨ ᠭᠠᠩᠰᠠ ᠪᠠᠨ ᠴᠤ ᠬᠦᠯ ᠤᠨ ᠢᠶᠠᠨ ᠳᠤᠤᠷᠠᠬᠢ ᠬᠦᠨᠳᠡᠯᠡᠨ ᠬᠦᠬᠡ ᠴᠢᠯᠠᠭᠤᠨ ᠳᠤ ᠤᠷᠢᠶᠠᠯᠭᠠᠨ ᠬᠠᠭ᠎ᠠ ᠴᠤᠬᠢᠭᠰᠠᠨ ᠪᠠᠶᠢᠳᠠᠭ ᠰᠠᠨ᠂᠂᠂᠂ ᠪᠢ ᠰᠠᠶ᠋ᠢ ᠶᠢᠨ ᠬᠢᠳᠡᠯ ᠳᠡᠭᠡᠨ ᠦᠪᠡᠷ ᠤᠨ ᠡᠷᠭᠡ ᠦᠭᠡᠢ ᠬᠠᠷᠠᠮᠰᠠᠵᠦ ᠡᠬᠢᠯᠡᠪᠡ᠃ ᠭᠡᠪᠡᠴᠥ ᠨᠠᠳᠠ ᠳᠤ ᠰᠦᠬᠦᠮ ᠴᠠᠭᠠᠨ ᠭᠠᠩᠰᠠ ᠠᠴᠠ ᠴᠤ ᠲᠤᠯᠤᠭᠠᠨ ᠳᠤᠤᠷ᠎ᠠ ᠶᠢᠨ ᠶᠠᠭᠤᠮ᠎ᠠ ᠬᠤᠴᠤᠷᠤᠭ᠎ᠠ ᠦᠭᠡᠢ᠃ ᠵᠦᠪᠭᠡᠨ ᠨᠢᠰᠦᠭᠰᠠᠨ ᠡᠯᠢᠶ᠎ᠡ ᠶᠢᠨ ᠡᠭᠦᠷ ᠦᠩᠬᠦᠷᠢᠭᠰᠡᠨ ᠨᠤᠳᠤᠭ  ᠤᠨ ᠴᠢᠯᠠᠭᠤ ᠯᠠ ᠰᠠᠨᠠᠭᠳᠠᠨ᠎ᠠ᠃ ᠪᠢ ᠬᠦᠶᠦᠨ ᠪᠤᠰᠴᠤ ᠵᠠᠪᠠ ᠤᠷᠤᠭᠤ ᠠᠵᠢᠭᠯᠠᠪᠠ᠃ ᠲᠡᠷᠡ ᠭᠡᠰᠡᠭ ᠴᠢᠯᠠᠭᠤ᠂ ᠡᠯᠢᠶ᠎ᠡ ᠶᠢᠨ ᠡᠭᠦᠷ ᠨᠠᠳᠠ ᠲᠠᠢ ᠠᠪ ᠠᠳᠠᠯᠢᠬᠠᠨ ᠪᠤᠳᠤᠭᠳᠠᠪᠠ᠃ ᠶᠠᠮᠠᠷ ᠪᠤᠯᠤᠭᠰᠠᠨ ᠴᠤ ᠨᠤᠳᠤᠭ ᠲᠠᠢ ᠪᠠᠨ ᠠᠮᠢᠨ ᠬᠠᠯᠠᠭᠤᠨ ᠵᠠᠶᠠᠭ᠎ᠠ ᠪᠠᠷ ᠢᠶᠠᠨ ᠬᠤᠯᠪᠤᠯᠳᠠᠳᠠᠭ ᠬᠠᠶᠢᠷ᠎ᠠ ᠶᠢᠨ ᠡᠷᠢᠭᠡ ᠨᠦᠭᠦᠳ ᠪᠠᠶᠢᠵᠠᠢ᠃ ᠪᠢ ᠲᠡᠷᠡ ᠭᠡᠰᠡᠭ ᠴᠢᠯᠠᠭᠤ᠂ ᠰᠢᠪᠠᠭᠤᠨ ᠤ ᠡᠭᠦᠷ ᠤᠨ ᠠᠷᠤ ᠠᠴᠠ ᠨᠢᠯᠪᠤᠰᠤ ᠪᠠᠨ ᠠᠰᠬᠠᠷᠠᠭᠤᠯᠤᠭᠰᠠᠭᠠᠷ ᠵᠤᠭᠰᠤᠪᠠ᠂᠂᠂᠂       ᠲᠡᠷᠲᠡᠭᠡ ᠲᠡᠭᠷᠢ ᠶᠢᠨ ᠬᠠᠶᠠᠭᠠᠨ ᠠᠴᠠ ᠨᠠᠭᠠᠰᠢᠯᠠᠬᠤ ᠪᠠᠷᠠᠭᠠᠨ ᠰᠡᠭᠦᠳᠡᠷ ᠨᠡᠳᠦᠶᠢᠭᠰᠠᠭᠡᠷ᠂ ᠡᠬᠦᠷ ᠢᠶᠠᠨ ᠠᠯᠳᠠᠭᠰᠠᠨ ᠡᠯᠢᠶ᠎ᠡ ᠬᠡᠮᠡᠷ᠂ ᠡᠵᠡᠨ ᠳᠡᠭᠡᠨ ᠬᠤᠷᠭᠤᠭᠳᠠᠭᠰᠠᠨ ᠮᠤᠷᠢ ᠴᠤ ᠰᠢᠬ᠂᠂᠂᠂ ᠪᠢ ᠬᠤᠨᠢᠨ ᠰᠦᠷᠦᠭ ᠢᠶᠠᠨ ᠬᠠᠷᠠᠪᠠᠯ ᠪᠦᠭᠡᠮᠨᠡᠷᠡᠭᠰᠠᠨ ᠪᠠᠶᠢᠯ᠎ᠠ᠃ ᠤᠤᠯ ᠨᠢ ᠰᠢᠷᠡᠭᠡ ᠴᠢᠯᠠᠭᠤ᠂ ᠡᠯᠢᠶ᠎ᠡ ᠶᠢᠨ ᠡᠬᠦᠷ᠂ ᠬᠤᠨᠢᠨ ᠰᠦᠷᠦᠭ᠂ ᠠᠭᠳᠠ ᠬᠦᠯᠦᠭ ᠬᠠᠮᠳᠤ ᠤᠷᠤᠰᠢᠳᠠᠭ ᠪᠠᠶᠢᠵᠠᠢ᠂᠂᠂               ᠵᠢᠯᠤᠭᠤᠳᠤᠭᠰᠠᠨ ᠪᠠᠭᠰᠢ᠄ ᠪᠤᠤ ᠶᠢᠨ ᠱᠠᠨ 
 
ᠢᠷᠡᠯᠲᠡ᠄ www.kqmw.gov.cn
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号