ᠮᠢᠨᠤ ᠬᠠᠮᠤᠭ  ᠤᠨ ᠰᠤᠨᠢᠭᠤᠴᠢᠯᠠᠳᠠᠭ ᠬᠦᠮᠦᠨ ᠴᠢᠯᠠᠭᠤ
ᠨᠡᠶᠢᠲᠡᠯᠡᠭᠰᠡᠨ ᠴᠠᠭ᠄
2009/11/1
          ᠤᠨ ᠵᠠᠭᠤᠨ  ᠤ  ᠪᠤᠭᠤᠷᠤᠯ ᠰᠠᠯᠬᠢᠨ ᠳᠤ ᠦᠨᠦᠰᠦᠭᠦᠯᠦᠭᠰᠡᠨ ᠨᠤᠳᠤᠭ  ᠤᠨ   ᠢᠶᠠᠨ ᠦᠷᠦᠴᠡᠨ ᠳᠤ ᠪᠢ ᠠᠩᠬ᠎ᠠ ᠤᠨᠠᠭᠰᠠᠨ   ᠠᠴᠠ ᠪᠠᠨ ᠡᠳᠦᠭᠡ ᠳᠤ  ᠬᠦᠷᠳᠡᠯ᠎ᠡ ᠪᠠᠭ᠎ᠠ ᠨᠠᠰᠤ  ᠪᠠᠨ ᠰᠠᠶᠢᠬᠠᠨ ᠲᠤᠷᠠᠳᠬᠠᠯ  ᠤᠨ  ᠢᠶᠠᠨ ᠬᠠᠮᠳᠦ  ᠤᠷᠬᠢᠨ ᠤᠷᠬᠢᠨ   ᠶᠠᠪᠤᠬᠤ  ᠳᠠᠭᠠᠨ ᠡᠬᠡ ᠦᠯᠦᠭᠡᠢ  ᠪᠠᠨ ᠠᠷᠠᠢ ᠪᠦᠬᠦᠨ  ᠢ ᠲᠤᠭᠤᠯᠠᠵᠦ ᠴᠢᠳᠠᠭ᠎ᠠ ᠦᠭᠡᠢ᠂  ᠭᠡᠳᠡᠯ᠎ᠡ ᠰᠠᠶᠢᠬᠠᠨ ᠬᠠᠩᠭᠠᠢ ᠨᠤᠳᠤᠭ  ᠲᠤ ᠮᠢᠨᠢ ᠬᠠᠴᠢᠨ ᠰᠤᠨᠢᠬᠠᠨ ᠵᠦᠢᠯᠡᠰ ᠵᠦᠩᠳᠡᠭᠡᠨ ᠪᠠᠶᠢᠵᠦ  ᠪᠤᠭᠤᠷᠤᠯ ᠲᠡᠤᠬᠡ  ᠶᠢᠨ ᠦᠴᠦᠬᠡᠨ ᠨᠢᠭᠡᠨ ᠬᠠᠭᠤᠳᠠᠰᠤ ᠪᠤᠯᠵᠦ ᠨᠡᠮᠡᠷᠢᠯᠡᠨ᠎ᠡ᠃          ᠨᠠᠮ᠎ᠠ ᠶᠢ ᠲᠤᠯᠤᠭᠠᠳᠠᠢ ᠪᠠᠶᠢᠭᠰᠠᠨ  ᠲᠡᠷᠡ  ᠵᠤᠨ᠂  ᠡᠵᠢ ᠨᠠᠮ᠎ᠠ ᠶᠢ ᠲᠠᠭᠠᠭᠤᠯᠤᠨ ᠵᠡᠭᠦᠨ ᠰᠢᠯᠢ ᠲᠡᠭᠡᠷ᠎ᠡ ᠲᠤᠭᠤᠯ  ᠢᠶᠠᠨ ᠡᠷᠭᠢᠭᠦᠯᠬᠦ ᠳᠤ᠂  ᠰᠢᠯᠢ  ᠶᠢᠨ  ᠴᠠᠭᠠᠨᠠᠬᠠᠨ ᠪᠠᠭ᠋ᠠᠨ ᠲᠤᠪᠤᠴᠠᠭ  ᠤᠨ ᠡᠩᠭᠡᠷ ᠲᠡᠭᠡᠷ᠎ᠡ ᠨᠢᠭᠡ ᠦᠴᠦᠬᠡᠨ ᠬᠠᠷ᠎ᠠ ᠶᠠᠭᠤᠮ᠎ᠠ ᠦᠵᠡᠭᠳᠡᠬᠦ ᠪᠠᠷ ᠨᠢ ᠡᠵᠢ   ᠠᠴᠠ ᠠᠰᠠᠭᠤᠪᠠᠯ᠂  ᠬᠡᠵᠢᠶᠡᠨ    ᠤ  ᠪᠠᠶᠢᠭᠰᠠᠨ ᠨᠢᠭᠡ ᠬᠦᠬᠡ ᠴᠢᠯᠠᠭᠤ  ᠭᠡᠨ᠎ᠡ᠃   ᠲᠡᠷᠡ  ᠠᠴᠠ ᠡᠬᠢᠯᠡᠨ ᠬᠦᠬᠡ  ᠴᠢᠯᠠᠭᠤ ᠮᠢᠨᠤ ᠬᠦᠰᠡᠯ  ᠪᠤᠯᠴᠢᠵᠦ ᠠᠯᠢ ᠨᠢᠭᠡᠨ ᠡᠳᠦᠷ  ᠬᠠᠵᠠᠭᠤ ᠳᠤᠨᠢ ᠬᠦᠷᠬᠦ ᠰᠠᠨ ᠬᠡᠵᠦ ᠲᠠᠩᠳᠠ ᠪᠤᠳᠤᠳᠠᠭ ᠪᠤᠯᠤᠭᠰᠠᠨ᠃           ᠰᠤᠷᠭᠠᠭᠤᠯᠢ ᠰᠤᠶᠤᠯ  ᠤᠨ ᠮᠦᠷ ᠬᠦᠭᠡᠭᠡᠵᠦ ᠪᠠᠭ᠋ᠠᠨ ᠬᠡᠳᠦᠨ ᠵᠢᠯ  ᠪᠤᠯᠬᠤ   ᠳᠤ᠂  ᠪᠢ ᠠᠷᠪᠠᠨ ᠭᠤᠷᠪᠠᠨ  ᠤ ᠪᠠᠨ ᠵᠢᠯ  ᠢ ᠤᠷᠤᠵᠦ ᠬᠠᠶᠠ ᠬᠠᠶᠠ ᠬᠦᠮᠦᠰ  ᠢᠶᠠᠷ  ᠵᠠᠯᠠᠭᠤ ᠭᠡᠵᠦ ᠲᠠᠭᠤᠳᠠᠭᠤᠯᠬᠤ ᠳᠠᠭᠠᠨ ᠲᠠᠤᠯᠠᠢ  ᠰᠢᠤᠬᠠᠨ  ᠲᠡᠭᠳᠡᠴᠢᠵᠦ ᠠᠪᠤ  ᠠᠴᠠ ᠦᠨᠦ ᠬᠦᠬᠡ ᠴᠢᠯᠠᠭᠤ ᠶᠢ ᠬᠦᠳᠡᠯᠭᠡᠬᠦ ᠲᠤᠬᠠᠢ ᠠᠰᠠᠭᠤᠬᠤ ᠳᠤ᠂  ᠴᠢ ᠬᠦᠳᠡᠯᠭᠡᠬᠦ ᠪᠤᠯᠤᠭᠠᠳᠠᠢ ᠪᠠᠶᠢᠭᠰᠠᠭᠠᠷ ᠭᠡᠳ ᠠᠮᠠ ᠪᠠᠨ ᠬᠠᠭᠠᠯᠭᠠᠨ᠎ᠠ᠃          ᠠᠩᠬ᠎ᠠ ᠲᠤᠮᠳᠠᠳᠦ ᠪᠠᠨ ᠲᠡᠭᠦᠰᠭᠡᠭᠰᠡᠨ ᠦᠩᠭᠡᠷᠡᠭᠰᠡᠨ ᠵᠤᠨ ᠪᠢ ᠠᠨᠳᠠ ᠪᠤᠶᠠᠨᠳᠠᠯᠠᠢ  ᠶᠢᠨ  ᠢᠶᠠᠨ ᠬᠠᠮᠳᠦ  ᠡᠪᠦᠯᠵᠢᠶ᠎ᠡ ᠰᠠᠬᠢᠬᠤ ᠠᠯᠪᠠᠨ ᠳᠤ ᠤᠨᠤᠭᠳᠠᠵᠦ ᠲᠡᠳᠡᠨ  ᠤ ᠢᠯᠡᠭᠦᠴᠡ ᠭᠡᠷ  ᠲᠤᠨᠢ ᠬᠠᠨᠢᠯᠠᠨ ᠰᠠᠭᠤᠪᠠ᠃  ᠡᠳᠦᠷ  ᠲᠤ ᠬᠢᠳᠡᠯ ᠦᠭᠡᠢ ᠭᠡᠶᠦᠷᠬᠦ ᠳᠡᠭᠡᠨ ᠭᠡᠨᠡᠳᠳᠡ ᠨᠦᠭᠦᠬᠡ ᠴᠢᠯᠠᠭᠤ ᠪᠠᠨ ᠪᠤᠳᠤᠨ ᠤᠯᠴᠢᠵᠦ᠂  ᠪᠤᠶᠠᠨᠳᠠᠯᠠᠢ ᠲᠠᠢ  ᠲᠤᠤᠷᠠᠬᠠᠨ᠎ᠠ ᠰᠠᠨᠠᠭ᠎ᠠ ᠨᠡᠶᠢᠯᠡᠭᠡᠳ ᠬᠦᠷᠵᠡ ᠮᠦᠷᠦᠯᠳᠦᠨ ᠵᠡᠭᠦᠨ ᠰᠢᠯᠢ ᠶᠢ ᠴᠢᠭᠯᠡᠪᠡ᠃          ᠴᠢᠯᠠᠭᠤᠨ ᠳᠤ ᠲᠤᠯᠪᠠ ᠃  ᠭᠠᠶᠢᠬᠠᠯᠳᠠᠢ ᠶᠤᠮ︕ ᠠᠯᠤᠰ  ᠠᠴᠠ ᠬᠠᠷᠠᠬᠤ ᠳᠤ ᠵᠢᠴᠢᠭᠬᠡᠨ ᠲᠤᠯᠪᠤ ᠲᠡᠳᠦᠢ ᠪᠠᠶᠢᠭᠰᠠᠨ ᠴᠢᠨᠢ  ᠬᠦᠷᠦᠭᠡᠳ ᠤᠴᠢᠬᠤᠯᠠᠷ ᠨᠢ ᠲᠡᠪᠡᠷᠢ ᠰᠢᠬᠠᠮ᠎ᠠ ᠲᠤᠮᠤ ᠪᠤᠯᠴᠢᠵᠦ᠂  ᠪᠤᠰᠤᠭ᠎ᠠ ᠬᠦᠮᠦᠨ  ᠤ ᠲᠦᠷᠰᠦ ᠰᠢᠤᠬᠠᠨ ᠬᠠᠷᠠᠭᠳᠠᠨ᠎ᠠ᠃  ᠴᠢᠯᠠᠭᠤᠨ  ᠤ  ᠰᠠᠭᠤᠷᠢ ᠡᠷᠭᠢᠨ ᠲᠤᠭᠤᠷᠢᠨ ᠪᠠᠭ᠋ᠠᠨ ᠬᠠᠯᠴᠢᠷᠠᠵᠦ ᠭᠠᠵᠠᠷ  ᠠᠴᠠ ᠨᠢᠳᠤᠷᠭ᠎ᠠ ᠴᠢᠨᠡᠭᠡᠨ ᠬᠤᠳᠤᠶᠢᠨ ᠤᠷᠤᠵᠠᠢ᠃          ᠮᠠᠨᠤᠰ ᠴᠢᠯᠠᠭᠤᠨ ᠲᠡᠭᠡᠷ᠎ᠡ  ᠠᠴᠠ ᠰᠡᠶᠢᠯᠦᠮᠡᠯ ᠦᠰᠦᠭ ᠵᠢᠷᠤᠭ ᠡᠷᠢᠭᠡᠳ ᠤᠯᠤᠭᠰᠠᠨ ᠦᠭᠡᠢ ᠃   ᠬᠠᠷᠢᠨ ᠲᠤᠭ ᠤᠷᠤᠢ ᠲᠡᠭᠡᠷᠡᠬᠢ ᠲᠦᠭᠡ ᠴᠢᠨᠡᠭᠡᠨ ᠵᠢᠭᠳᠡᠬᠡᠨ ᠰᠢᠯᠠᠭᠤᠨ ᠨᠦᠬᠡ ᠶᠢ ᠬᠠᠷᠠᠭᠠᠳ᠂   ᠨᠦᠭᠦᠭᠡ ᠰᠠᠮᠫᠢᠯ ᠡᠪᠦᠭᠡᠨ  ᠤ  ᠄ ︽ᠪᠢ ᠤᠷᠢᠳᠦ ᠲᠠᠨᠠᠶᠢᠬᠡᠨ  ᠤ  ᠲᠠᠯ᠎ᠠ ᠪᠠᠷ ᠤᠳᠤᠷᠯᠠᠬᠤ ᠳᠤ  ᠨᠢᠭᠡ ᠤᠳᠠᠭᠠᠨ  ᠤ ᠬᠡᠴᠡᠭᠦᠬᠡᠨ ᠠᠶᠤᠩᠭᠠᠳᠦ ᠪᠤᠷᠤᠭᠠᠨ  ᠤᠷᠤᠵᠦ ᠰᠦᠨᠢ ᠲᠤᠵᠢ ᠴᠠᠬᠢᠯᠤᠭᠠᠳ ᠪᠠᠶᠢᠭᠰᠠᠨ᠂ ᠦᠷᠯᠦᠭᠡ ᠨᠢ ᠲᠡᠭᠷᠢ ᠴᠡᠯᠮᠡᠶᠢᠵᠦ ᠰᠠᠶᠢᠬᠠᠨ  ᠪᠤᠯᠬᠤ ᠳᠤ᠂  ᠪᠢ   ᠬᠦᠬᠡ ᠴᠢᠯᠠᠭᠤ ᠶᠢ  ᠤᠴᠢᠭᠠᠳ ᠦᠵᠡᠬᠦᠯᠡᠷ ᠤᠷᠤᠢ ᠲᠡᠭᠡᠷ᠎ᠡ ᠨᠢ ᠨᠦᠬᠡ ᠭᠠᠷᠴᠢᠵᠦ ᠪᠤᠷᠤᠭᠠᠨ  ᠤ ᠤᠰᠤ ᠲᠤᠭᠳᠠᠴᠢᠬᠠᠭᠠᠳ ᠪᠠᠶᠢᠭᠰᠠᠨ︾ ᠭᠡᠰᠡᠨ ᠶᠠᠷᠢᠶ᠎ᠠ ᠶᠢ ᠰᠠᠨᠠᠪᠠ᠃           ᠰᠤᠨᠢᠭᠤᠴᠠ ᠵᠠᠩ ᠳᠠᠭᠠᠨ ᠬᠡᠴᠡᠭᠦᠤ ᠲᠡᠶᠢᠯᠦᠭᠳᠡᠭᠰᠡᠨ ᠮᠠᠨ  ᠤ ᠬᠤᠶᠠᠷ ᠴᠢᠯᠠᠭᠤ  ᠶᠢ ᠪᠠᠭ᠋ᠠᠨ ᠴᠤᠬᠢᠯᠠᠵᠦ ᠦᠵᠡᠪᠡ᠃  ᠲᠦᠯᠬᠢᠵᠦ  ᠤᠷᠬᠢᠪᠠᠯ ᠤᠨᠠᠬᠤ ᠰᠢᠭ᠋ ᠬᠠᠷᠠᠭᠳᠠᠭᠠᠳ ᠪᠠᠶᠢᠭᠰᠠᠨ ᠮᠠᠨᠢ ᠪᠤᠷᠤᠭᠤ ᠪᠤᠯᠵᠤ᠂  ᠭᠠᠷ   ᠢᠶᠠᠨ ᠮᠢᠨᠴᠦᠷᠳᠡᠯ᠎ᠡ ᠴᠤᠬᠢᠯᠠᠭᠰᠠᠨ ᠪᠤᠯᠪᠠᠴᠦ ᠦᠴᠦᠬᠡᠨ ᠴᠦ  ᠭᠡᠨᠡᠭ ᠦᠭᠡᠢ  ᠲᠦᠩᠬᠦᠶᠢᠨ ᠰᠠᠭᠤᠭᠰᠠᠭᠠᠷ ᠪᠠᠶᠢᠯ᠎ᠠ᠃  ︽  ᠭᠤᠤᠯ ᠲᠠᠰᠤᠷᠠᠬᠤ ᠦᠭᠡᠢ ᠪᠤᠯ ᠭᠤᠷᠢ ᠲᠠᠰᠤᠷᠠᠬᠤ ᠦᠭᠡᠢ︾  ᠭᠡᠭᠴᠢ ᠪᠤᠯᠵᠤ᠂  ᠠᠭᠤᠷ ᠰᠢᠨᠤᠯ ᠳᠠᠭᠠᠨ ᠰᠢᠳᠠᠭᠰᠠᠨ ᠪᠢᠳᠡ ᠬᠤᠶᠠᠷ ᠬᠡᠷᠬᠢᠪᠡᠴᠦ ᠨᠢᠭᠡ ᠦᠵᠦᠭᠦᠷ ᠲᠤ ᠭᠠᠷᠬᠤ ᠭᠡᠵᠦ ᠴᠢᠯᠠᠭᠤ ᠶᠢ ᠲᠤᠭᠤᠷᠢᠨ ᠤᠬᠤᠵᠤ ᠡᠬᠢᠯᠡᠪᠡ ᠃            ᠬᠤᠶᠠᠷ ᠲᠤᠬᠤᠮ ᠰᠢᠬᠠᠮ᠎ᠠ ᠤᠬᠤᠭᠠᠳ ᠴᠢᠯᠠᠭᠤᠨ  ᠤ ᠰᠠᠭᠤᠷᠢ ᠬᠠᠷᠭᠳᠠᠭ᠎ᠠ ᠦᠭᠡᠢ᠂  ᠪᠦᠭᠡᠮ ᠡᠯᠡᠰᠦ᠂  ᠴᠢᠯᠠᠭᠤᠯᠢᠭ ᠰᠢᠷᠤᠢ  ᠠᠴᠠ ᠦᠭᠡᠷ᠎ᠡ  ᠶᠠᠭᠤᠮ᠎ᠠ ᠭᠠᠷᠤᠭ᠎ᠠ ᠦᠭᠡᠢ ᠃  ᠨᠠᠷᠠᠨ ᠬᠠᠨ᠎ᠠ  ᠶᠢᠨ ᠲᠤᠯᠤᠭᠠᠢ ᠰᠢᠭᠦᠷᠬᠦ  ᠰᠢᠬᠠᠳᠠᠯ᠎ᠠ ᠤᠷᠤᠯᠳᠤᠭᠠᠳ ᠬᠡᠴᠡᠭᠦᠤ ᠶᠠᠳᠠᠷᠠᠭᠰᠠᠨ  ᠠᠴᠠ ᠨᠢᠭᠡᠨ  ᠨᠢᠬᠡ ᠪᠠᠨ ᠲᠤᠭᠤᠶᠢᠬᠠᠨ ᠰᠢᠷᠳᠡᠨ ᠰᠠᠭᠤᠳᠠᠯ᠎ᠠ᠂  ᠬᠤᠶᠢᠳᠦ ᠵᠤᠰᠠᠯᠠᠩ  ᠤᠨ  ᠵᠠᠮ   ᠢᠶᠠᠷ ᠨᠢᠭᠡᠨ ᠮᠤᠷᠢᠳᠠᠨ ᠲᠠᠯ᠎ᠠ  ᠶᠢᠨ ᠵᠡᠷᠭᠡᠯᠭᠡᠨ ᠲᠠᠢ ᠬᠠᠨᠢᠰᠤᠨ ᠠᠶᠢᠰᠤᠢ ᠬᠠᠷᠠᠭᠳᠠᠪᠠ᠃           ᠪᠤᠶᠠᠨᠳᠠᠯᠠᠢ ᠰᠤᠭᠤ  ᠦᠰᠦᠷᠡᠨ ᠬᠠᠷᠠᠶᠢᠯᠠᠵᠦ᠂   ᠦᠷᠭᠦᠭᠰᠡᠨ  ᠪᠦᠵᠦᠩ ᠤᠨ ᠨᠢᠳᠦᠯᠡᠭᠰᠡᠭᠡᠷ᠄ ︽ᠠᠪᠤ ᠢᠷᠡᠯ᠎ᠡ᠂  ᠤᠳᠤ ᠲᠠᠭᠤᠰᠤᠯ᠎ᠠ᠂  ᠬᠤᠷᠳᠤᠨ  ᠬᠤᠷᠳᠤᠨ᠂᠂᠂᠂ ︾ ᠭᠡᠭᠰᠡᠭᠡᠷ ᠮᠠᠯᠳᠠᠭᠰᠠᠨ ᠰᠢᠷᠤᠢ ᠪᠠᠨ ᠨᠦᠬᠡᠨ ᠳᠤᠨᠢ ᠰᠠᠨᠳᠤᠷᠠᠩᠬᠠᠨ ᠪᠤᠴᠠᠭᠠᠵᠦ ᠰᠠᠮᠠᠭᠠᠷᠳᠠᠯ᠎ᠠ ᠪᠢ ᠴᠦ ᠤᠤᠬᠠᠢ ᠲᠤᠤᠬᠠᠢ ᠪᠠᠨ ᠠᠯᠳᠠᠨ  ᠪᠠᠯᠠᠭᠳᠠᠯ᠎ᠠ᠃  ᠲᠡᠭᠦᠰ  ᠠᠪᠠᠭ᠎ᠠ ᠬᠤᠶᠢᠳᠦ ᠬᠦᠨᠳᠡᠢ ᠳᠤ ᠤᠷᠤᠵᠦ ᠤᠴᠢᠳᠠᠯ᠎ᠠ ᠮᠠᠨᠤᠰ ᠴᠦ ᠨᠦᠬᠡ ᠪᠠᠨ ᠪᠦᠭᠯᠡᠭᠡᠳ ᠬᠠᠭᠤᠷᠠᠢ ᠰᠢᠷᠤᠢ ᠰᠤᠯᠠ ᠠᠰᠬᠠᠭᠠᠳ ᠭᠡᠷ ᠦᠭᠡᠳᠡ ᠪᠠᠨ ᠤᠮ ᠬᠤᠮ ᠦᠭᠡᠢ ᠲᠠᠪᠬᠢᠯᠳᠤᠪᠠ᠃           ᠮᠠᠨᠤᠰ ᠭᠡᠷ ᠲᠡᠭᠡᠨ ᠤᠷᠤᠳᠠᠯ᠎ᠠ᠂  ᠲᠡᠭᠦᠰ ᠠᠪᠠᠭ᠎ᠠ ᠴᠦ ᠬᠦᠭᠡᠭᠡᠴᠡᠯᠳᠦᠬᠡᠨ ᠪᠤᠯᠤᠭᠰᠠᠭᠠᠷ ᠤᠶᠠᠭᠠᠨ ᠲᠡᠭᠡᠷ᠎ᠡ ᠵᠠᠯᠠᠷᠠᠵᠦ ᠠᠶᠠᠨ  ᠤ ᠪᠤᠷᠤ ᠲᠠᠯᠢᠩ  ᠢᠶᠠᠨ ᠲᠡᠭᠦᠵᠢᠯᠡᠭᠰᠡᠭᠡᠷ ᠤᠷᠤᠵᠤ ᠢᠷᠡᠪᠡ᠃           ︽ᠵᠠ᠂  ᠵᠠ ᠬᠤᠶᠠᠷ ᠬᠦᠤ ᠰᠠᠶᠢᠨ  ᠰᠠᠭᠤᠵᠦ ᠪᠠᠶᠢᠨ᠎ᠡ ᠤᠤ︖︾  ᠭᠡᠵᠦ ᠮᠡᠨᠳᠦᠴᠢᠯᠡᠬᠦ  ᠶᠢᠨ ᠵᠠᠪᠰᠠᠷ ᠲᠡᠯᠢᠩ  ᠠᠴᠠ ᠪᠠᠨ ᠬᠤᠷᠤᠳ ᠦᠷᠦᠮ᠎ᠠ ᠪᠠᠭ᠋ᠠᠨ  ᠴᠠᠭᠠᠨ ᠢᠳᠡᠭᠡ ᠭᠠᠷᠭᠠᠭᠰᠠᠨ  ᠢᠶᠠᠨ ᠰᠢᠭᠤᠳ  ᠬᠤᠶᠢᠮᠤᠷ ᠲᠤ ᠰᠠᠭᠠᠳᠠᠳᠠᠯ᠎ᠠ ᠦᠭᠡᠷ᠎ᠡ ᠶᠠᠭᠤᠮ᠎ᠠ ᠶᠠᠷᠢᠭ᠎ᠠ ᠦᠭᠡᠢ ᠳᠤᠨᠢ ᠮᠠᠨᠤᠰ ᠪᠠᠶᠠᠷᠯᠠᠨ ᠴᠠᠢ  ᠪᠤᠴᠠᠯᠭᠠᠬᠤ ᠭᠡᠳ ᠦᠨᠡᠰᠦ ᠲᠤᠭᠤᠰᠤ ᠪᠤᠬᠢᠷᠠᠭᠤᠯᠤᠨ ᠪᠦᠭᠡᠮ ᠲᠡᠪᠵᠢᠶᠡᠨ ᠪᠤᠯᠪᠠ᠃           ᠴᠠᠶᠢᠯᠠᠬᠤ ᠵᠠᠪᠰᠠᠷ ᠲᠡᠭᠦᠰ  ᠠᠪᠠᠭ᠎ᠠ ᠮᠠᠯ ᠠᠬᠤᠢ ᠰᠠᠶᠢᠬᠠᠨ ᠵᠤᠨᠰᠢᠵᠦ ᠪᠠᠶᠢᠭ᠎ᠠ᠂  ᠪᠠᠳᠦᠰᠦᠬᠡ  ᠶᠢᠨ ᠬᠢᠨᠢ ᠮᠤᠷᠢ ᠪᠠᠨ ᠤᠯᠤᠭᠰᠠᠨ᠂  ᠦᠵᠦᠮᠦᠴᠢᠳ ᠪᠠᠰᠠᠯᠠ ᠨᠠᠭᠤᠷ  ᠢᠶᠠᠨ ᠦᠮᠴᠢᠷᠬᠡᠵᠦ ᠪᠠᠶᠢᠭ᠎ᠠ᠂᠂᠂᠂  ᠬᠤᠯᠠ ᠤᠶᠢᠷ᠎ᠠ  ᠶᠢᠨ ᠰᠤᠨᠢᠨ  ᠢᠶᠠᠷ ᠮᠠᠨᠤᠰ  ᠢ ᠲᠠᠶᠢᠯᠠᠨ ᠰᠠᠭᠤᠬᠤ ᠳᠠᠭᠠᠨ᠂  ᠤᠭᠵᠤᠮᠬᠠᠨ ᠭᠡᠭᠴᠢ ᠴᠢᠷᠠᠢ ᠪᠠᠨ ᠡᠭᠦᠯᠳᠡᠭᠦᠯᠦᠨ ᠪᠠᠶᠢᠵᠦ ᠄ ︽  ᠵᠠ᠂  ᠲᠠᠨ  ᠤ ᠬᠤᠶᠠᠷ ᠲᠡᠭᠡᠭᠡᠳ ᠶᠡᠷᠦ ᠨᠤᠮᠤᠬᠠᠨ ᠰᠠᠭᠤᠭᠠᠳ ᠪᠠᠶᠢᠭᠰᠠᠨ ᠤᠤ︖︾  ᠬᠡᠬᠦ ᠳᠤ᠂  ᠪᠤᠶᠠᠨᠳᠠᠯᠠᠢ ᠮᠠᠨᠢ ᠤᠪᠵᠠᠩᠳᠠᠢ ᠭᠡᠭᠴᠢ  ᠨᠢ   ᠠᠷᠭ᠎ᠠ ᠦᠭᠡᠢ ᠲᠦᠷᠢᠯᠡᠭᠰᠡᠭᠡᠷ᠄ ︽  ᠲᠡᠭᠡᠬᠦ ᠦᠭᠡᠢ ᠶᠠᠭᠠᠬᠢᠨ᠎ᠠ᠂  ᠮᠠᠨᠤᠰ ᠤᠳᠤ ᠲᠠᠶᠢᠮᠤ ᠤᠬᠠᠭᠠᠨ ᠦᠭᠡᠢ ᠬᠡᠤᠬᠡᠳ ᠪᠢᠰᠢ ᠪᠤᠯᠵᠤ ᠵᠠᠯᠠᠭᠤ ᠪᠤᠯᠴᠢᠬᠠᠭᠰᠠᠨ᠂  ᠠᠪᠤ ᠶᠠᠭᠠᠬᠢᠭᠠᠳ ᠮᠠᠨᠤᠰ  ᠢ  ᠬᠠᠷᠠᠳᠠᠭᠠᠳ ᠪᠠᠶᠢᠨ᠎ᠠ ᠪᠤᠢ︖︾  ᠬᠡᠵᠦ ᠠᠮᠠ ᠵᠦᠷᠢᠳᠡᠯ᠎ᠡ᠂  ᠨᠠᠰᠤ ᠪᠠᠷ  ᠢᠶᠠᠨ ᠬᠡᠯᠮᠦᠷᠴᠢ ᠶᠠᠪᠤᠭᠰᠠᠨ ᠡᠪᠦᠭᠡᠨ ᠭᠤᠸᠠᠢ ᠦᠭᠡ ᠠᠯᠳᠠᠯ ᠦᠭᠡᠢ ᠲᠡᠮᠡᠢ ᠦᠨᠳᠡᠯᠵᠡᠭᠰᠡᠨ  ᠢᠶᠠᠨ ᠨᠢᠳᠦ ᠪᠠᠨ ᠤᠳᠤ ᠪᠤᠯᠭᠠᠨ᠄ ︽  ᠲᠡᠭᠡᠨ᠎ᠡ ᠂  ᠮᠢᠨᠤ ᠬᠦᠤ᠂  ᠬᠦᠯ ᠴᠢᠨᠢ ᠲᠦᠷᠦᠭᠡᠨ ᠳᠤ ᠬᠦᠷᠦᠭᠰᠡᠨ ᠵᠠᠯᠠᠭᠤᠰ ᠭᠡᠵᠦ ᠪᠠᠶᠢᠭᠠᠳ᠂  ᠨᠤᠳᠤᠭ  ᠤᠨ ᠤᠩᠭᠤᠳ ᠲᠠᠢ ᠤᠷᠤᠯᠳᠤᠭᠠᠳ ︿ᠲᠤᠮᠤᠭ᠎ᠠ ﹀ ᠲᠠᠢ ᠰᠠᠭᠤᠯ᠎ᠠ ᠪᠢᠵᠠ︖︕︾ ᠭᠡᠵᠦ ᠬᠡᠯᠡᠭᠰᠡᠭᠡᠷ ᠪᠠᠶᠢᠭᠠᠳ ᠰᠦᠷᠬᠡᠢ ᠴᠢᠬᠤᠯᠳᠠᠨ᠂  ᠬᠠᠨᠵᠤᠨ ᠢᠷᠮᠡᠭ ᠰᠢᠯᠵᠢᠵᠦ ᠰᠠᠭᠤᠭᠠᠳ᠄ ︽  ᠠᠯᠢ ᠨᠢᠭᠡ ᠡᠳᠦᠷ ᠤᠩᠭᠤᠳ ᠲᠠᠢ ᠬᠠᠯᠳᠠᠭᠰᠠᠭᠠᠷ ᠪᠠᠶᠢᠵᠦ᠂  ᠨᠤᠳᠤᠭ  ᠤᠨ ᠨᠠᠪᠳᠠᠰ ᠰᠠᠪᠳᠠᠰ  ᠢ ᠠᠭᠤᠷᠯᠠᠭᠤᠯᠵᠦ ᠭᠦᠢᠴᠡᠭᠡᠳ ᠠᠮᠤᠷᠬᠤ ᠪᠤᠢ᠂  ᠭᠡᠪᠡᠴᠦ ᠲᠠᠨᠤᠰ  ᠢᠶᠠᠷ ᠵᠤᠭᠰᠤᠯ ᠦᠭᠡᠢ ᠪᠦᠬᠦ ᠨᠤᠳᠤᠭ ᠲᠤ ᠪᠠᠯᠠᠰ ᠲᠠᠷᠢᠨ᠎ᠠ︾  ᠭᠡᠳ ᠮᠤᠳᠤ ᠲᠤᠯᠤᠭᠠᠢ ᠪᠠᠨ ᠭᠤᠳᠤᠯ  ᠤᠨ   ᠤᠯᠠ ᠲᠡᠭᠡᠷ᠎ᠡ  ᠪᠠᠨ ᠭᠠᠯ ᠭᠠᠷᠳᠠᠯ᠎ᠠ ᠰᠠᠪᠠᠪᠠ᠃            ᠤᠷᠦᠢ ᠨᠢ ᠲᠡᠭᠦᠰ ᠠᠪᠠᠭ᠎ᠠ ᠶᠢᠨ ᠠᠭᠤᠷ ᠠᠷᠠᠢ ᠭᠡᠵᠦ ᠨᠠᠮᠳᠠᠨ ᠬᠦᠬᠡ ᠴᠢᠯᠠᠭᠤᠨ  ᠤ ᠲᠤᠬᠠᠢ ᠪᠠᠭ᠋ᠠᠨ ᠶᠠᠷᠢᠪᠠ ᠃             ᠬᠦᠬᠡ ᠴᠢᠯᠠᠭᠤ ᠬᠡᠳᠦᠢ ᠳᠤ ᠲᠤᠭᠳᠠᠭᠰᠠᠨ  ᠢ ᠮᠡᠳᠡᠬᠦ ᠬᠦᠮᠦᠨ ᠠᠯᠠᠭ᠎ᠠ ᠪᠠᠶᠢᠵᠦ᠂  ᠠᠯᠢ ᠡᠷᠳᠡ  ᠠᠴᠠ ᠪᠠᠨ ᠨᠤᠳᠤᠭ  ᠤᠨ ᠤᠩᠭᠤᠨ ᠲᠤᠭᠰᠢᠳ  ᠤᠨ ᠨᠢᠭᠡ ᠪᠤᠯᠵᠦ ᠬᠦᠮᠦᠨ ᠵᠤᠨ  ᠤ ᠭᠠᠷ ᠬᠦᠷᠭᠡᠯ ᠦᠭᠡᠢ ᠤᠨ ᠤᠳᠠᠵᠠᠢ᠃  ᠤᠷᠢᠳᠦ ᠶᠠᠭ ᠪᠤᠰᠤᠭ᠎ᠠ ᠬᠦᠮᠦᠨ ᠰᠢᠭ ᠭᠤᠵᠤᠶᠢᠭᠠᠳ ᠪᠠᠶᠢᠬᠤᠯᠠᠷ ᠨᠢ ᠬᠦᠮᠦᠨ ᠴᠢᠯᠠᠭᠤ ᠬᠡᠮᠡᠨ ᠨᠡᠷᠡᠯᠡᠵᠦ᠂  ᠤᠳᠠᠭᠠᠨ ᠵᠢᠯ  ᠤᠨ ᠰᠠᠯᠬᠢ ᠪᠤᠷᠤᠭ᠎ᠠ᠂  ᠪᠠᠶᠢᠭᠠᠯᠢ ᠶᠢᠷᠳᠢᠨᠴᠦ  ᠶᠢᠨ ᠲᠦᠮᠡᠨ ᠬᠤᠪᠢᠷᠠᠯ ᠳᠤ ᠲᠠᠪᠳᠠᠭᠳᠠᠭᠰᠠᠭᠠᠷ ᠪᠠᠶᠢᠭᠠᠳ ᠤᠭ ᠲᠦᠷᠬᠦ ᠪᠠᠨ ᠨᠡᠯᠢᠶᠡᠳ ᠠᠯᠳᠠᠨ ᠬᠠᠷ᠎ᠠ ᠂ ᠬᠦᠷᠡᠩ ᠂  ᠤᠯᠠᠭᠠᠨ ᠶᠢᠰᠦᠨ ᠵᠦᠢᠯ  ᠤᠨ ᠦᠩᠭᠡ ᠪᠠᠷ ᠬᠤᠪᠢᠷᠠᠭᠰᠠᠭᠠᠷ ᠡᠳᠦᠭᠡ ᠵᠦᠪᠬᠡᠨ ᠵᠢᠵᠢᠭᠬᠡᠨ ᠬᠦᠬᠡ ᠬᠦᠮᠦᠨ ᠴᠢᠯᠠᠭᠤ ᠪᠤᠯᠵᠤ ︽ᠬᠦᠭᠡ ᠴᠢᠯᠠᠭᠤ︾ ᠭᠡᠵᠦ ᠨᠡᠷ᠎ᠡ ᠪᠠᠨ ᠬᠠᠯᠠᠵᠠᠢ ᠃            ᠬᠦᠬᠡ ᠴᠢᠯᠠᠭᠤ ᠶᠢ ᠬᠦᠮᠦᠰ ᠲᠡᠮᠡᠢ ᠤᠪᠠᠶᠢᠯᠠᠳᠠᠭ ᠦᠭᠡᠢ ᠪᠤᠯᠪᠠᠴᠦ ᠤᠩᠭᠤᠳ ᠲᠤᠭᠰᠢᠳ ᠲᠠᠢ ᠭᠡᠵᠦ ᠦᠪᠡᠷᠰᠡᠳ  ᠢ ᠪᠠᠨ ᠪᠤᠰᠤᠳ  ᠪᠠᠷ ᠴᠦ ᠤᠷᠤᠯᠳᠠᠭᠤᠯᠳᠠᠭ ᠦᠭᠡᠢ ᠠᠵᠢ᠃  ᠡᠶᠢᠨᠬᠦ ᠲᠡᠭᠦᠰ  ᠠᠪᠠᠭ᠎ᠠ᠂ ᠮᠠᠨ  ᠤ ᠬᠤᠶᠠᠷ  ᠢ ᠬᠡᠴᠡᠭᠦᠤ ᠵᠢᠮᠡᠯᠡᠭᠰᠡᠨ ᠨᠢ ᠡᠨᠡ ᠪᠠᠶᠢᠵᠠᠢ᠃            ᠲᠡᠭᠦᠨ  ᠠᠴᠠ ᠬᠤᠶᠢᠰᠢ ᠪᠢᠳᠡ ᠬᠤᠶᠠᠷ ᠬᠦᠭᠡ ᠴᠢᠯᠠᠭᠤ ᠪᠠᠨ ᠲᠠᠬᠢᠵᠦ ᠤᠷᠤᠯᠳᠠᠭ᠎ᠠ ᠦᠭᠡᠢ᠂  ᠬᠠᠷᠨ ᠬᠤᠨᠢ ᠮᠠᠯ  ᠢᠶᠠᠨ ᠲᠠᠩᠳᠠ ᠬᠠᠵᠠᠭᠤᠬᠠᠨ ᠳᠤᠨᠢ  ᠪᠡᠯᠴᠢᠭᠡᠷᠯᠡᠭᠦᠯᠳᠡᠭ ᠪᠤᠯᠵᠠᠢ᠃            ᠪᠢ ᠨᠤᠳᠤᠭ  ᠠᠴᠠ ᠪᠠᠨ  ᠠᠶᠠᠷᠯᠠᠬᠤ   ᠪᠦᠷᠢ  ᠬᠦᠬᠡ ᠴᠢᠯᠠᠭᠤ ᠮᠢᠨᠢ ᠲᠤᠪ ᠲᠤᠭᠤᠶᠢᠬᠠᠨ  ᠬᠦᠬᠡ ᠮᠦᠩᠭᠦᠨ ᠲᠡᠭᠷᠢ᠂  ᠬᠦᠷᠦᠰᠦᠳᠦ ᠠᠯᠳᠠᠨ ᠲᠡᠯᠡᠬᠡᠢ ᠪᠠᠨ ᠠᠭᠤᠵᠢᠮᠬᠠᠨ ᠰᠢᠷᠳᠡᠵᠦ ︽  ᠪᠢ ᠨᠤᠳᠤᠭ ᠲᠠᠢ ᠪᠠᠨ ᠬᠠᠮᠳᠦ ᠤᠷᠭᠤᠭᠰᠠᠨ ᠶᠤᠮ ᠂  ᠨᠤᠳᠤᠭ ᠠᠮᠢᠳᠠᠢ ᠶᠤᠮ ᠪᠤᠯᠬᠤᠷ ᠲᠠᠨᠤᠰ  ᠤᠨ ᠭᠠᠷ  ᠲᠤ ᠰᠤᠭᠤᠷᠬᠤ ᠦᠭᠡᠢ ᠶᠤᠮ᠂   ᠨᠤᠳᠤᠭ ᠲᠠᠢ ᠪᠠᠨ ᠬᠠᠮᠳᠦ ᠮᠦᠩᠬᠡᠷᠳᠡᠭ ᠯᠡ  ᠬᠡᠷᠡᠭ︾  ᠭᠡᠵᠦ ᠴᠢᠮᠡᠭᠡ ᠦᠭᠡᠶᠢᠬᠡᠨ ᠵᠠᠷᠯᠠᠨ᠎ᠠ᠃               ᠬᠡᠰᠢᠭᠳᠡᠨ ᠬᠤᠰᠢᠭᠤᠨ  ᠤ ᠪᠢᠷᠠᠭᠤ ᠳᠠᠬᠢ ᠮᠤᠩᠭᠤᠯ ᠲᠤᠮᠳᠠᠳᠤ ᠰᠤᠷᠭᠠᠭᠤᠯᠢ  ᠶᠢᠨ ᠲᠡᠭᠡᠳᠦ ᠬᠤᠶᠠᠷ  ᠤᠨ ᠰᠤᠷᠤᠭᠴᠢ —  ᠲᠡᠪᠰᠢᠬᠦ                                                     ︵ 2003 ᠤᠨ ᠳᠤ︶  
 
ᠢᠷᠡᠯᠲᠡ᠄ www.kqmw.gov.cn
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号