ᠤᠨ ᠵᠠᠭᠤᠨ ᠤ ᠪᠤᠭᠤᠷᠤᠯ ᠰᠠᠯᠬᠢᠨ ᠳᠤ ᠦᠨᠦᠰᠦᠭᠦᠯᠦᠭᠰᠡᠨ ᠨᠤᠳᠤᠭ | ᠤᠨ ᠢᠶᠠᠨ ᠦᠷᠦᠴᠡᠨ ᠳᠤ ᠪᠢ ᠠᠩᠬ᠎ᠠ ᠤᠨᠠᠭᠰᠠᠨ ᠠᠴᠠ ᠪᠠᠨ ᠡᠳᠦᠭᠡ ᠳᠤ ᠬᠦᠷᠳᠡᠯ᠎ᠡ ᠪᠠᠭ᠎ᠠ ᠨᠠᠰᠤ | ᠪᠠᠨ ᠰᠠᠶᠢᠬᠠᠨ ᠲᠤᠷᠠᠳᠬᠠᠯ ᠤᠨ ᠢᠶᠠᠨ ᠬᠠᠮᠳᠦ ᠤᠷᠬᠢᠨ ᠤᠷᠬᠢᠨ ᠶᠠᠪᠤᠬᠤ ᠳᠠᠭᠠᠨ ᠡᠬᠡ ᠦᠯᠦᠭᠡᠢ | ᠪᠠᠨ ᠠᠷᠠᠢ ᠪᠦᠬᠦᠨ ᠢ ᠲᠤᠭᠤᠯᠠᠵᠦ ᠴᠢᠳᠠᠭ᠎ᠠ ᠦᠭᠡᠢ᠂ ᠭᠡᠳᠡᠯ᠎ᠡ ᠰᠠᠶᠢᠬᠠᠨ ᠬᠠᠩᠭᠠᠢ ᠨᠤᠳᠤᠭ ᠲᠤ ᠮᠢᠨᠢ | ᠬᠠᠴᠢᠨ ᠰᠤᠨᠢᠬᠠᠨ ᠵᠦᠢᠯᠡᠰ ᠵᠦᠩᠳᠡᠭᠡᠨ ᠪᠠᠶᠢᠵᠦ ᠪᠤᠭᠤᠷᠤᠯ ᠲᠡᠤᠬᠡ ᠶᠢᠨ ᠦᠴᠦᠬᠡᠨ ᠨᠢᠭᠡᠨ ᠬᠠᠭᠤᠳᠠᠰᠤ | ᠪᠤᠯᠵᠦ ᠨᠡᠮᠡᠷᠢᠯᠡᠨ᠎ᠡ᠃ | ᠨᠠᠮ᠎ᠠ ᠶᠢ ᠲᠤᠯᠤᠭᠠᠳᠠᠢ ᠪᠠᠶᠢᠭᠰᠠᠨ ᠲᠡᠷᠡ ᠵᠤᠨ᠂ ᠡᠵᠢ ᠨᠠᠮ᠎ᠠ ᠶᠢ | ᠲᠠᠭᠠᠭᠤᠯᠤᠨ ᠵᠡᠭᠦᠨ ᠰᠢᠯᠢ ᠲᠡᠭᠡᠷ᠎ᠡ ᠲᠤᠭᠤᠯ ᠢᠶᠠᠨ ᠡᠷᠭᠢᠭᠦᠯᠬᠦ ᠳᠤ᠂ ᠰᠢᠯᠢ ᠶᠢᠨ ᠴᠠᠭᠠᠨᠠᠬᠠᠨ ᠪᠠᠭ᠋ᠠᠨ | ᠲᠤᠪᠤᠴᠠᠭ ᠤᠨ ᠡᠩᠭᠡᠷ ᠲᠡᠭᠡᠷ᠎ᠡ ᠨᠢᠭᠡ ᠦᠴᠦᠬᠡᠨ ᠬᠠᠷ᠎ᠠ ᠶᠠᠭᠤᠮ᠎ᠠ ᠦᠵᠡᠭᠳᠡᠬᠦ ᠪᠠᠷ ᠨᠢ ᠡᠵᠢ ᠠᠴᠠ | ᠠᠰᠠᠭᠤᠪᠠᠯ᠂ ᠬᠡᠵᠢᠶᠡᠨ ᠤ ᠪᠠᠶᠢᠭᠰᠠᠨ ᠨᠢᠭᠡ ᠬᠦᠬᠡ ᠴᠢᠯᠠᠭᠤ ᠭᠡᠨ᠎ᠡ᠃ ᠲᠡᠷᠡ ᠠᠴᠠ ᠡᠬᠢᠯᠡᠨ | ᠬᠦᠬᠡ ᠴᠢᠯᠠᠭᠤ ᠮᠢᠨᠤ ᠬᠦᠰᠡᠯ ᠪᠤᠯᠴᠢᠵᠦ ᠠᠯᠢ ᠨᠢᠭᠡᠨ ᠡᠳᠦᠷ ᠬᠠᠵᠠᠭᠤ ᠳᠤᠨᠢ ᠬᠦᠷᠬᠦ ᠰᠠᠨ ᠬᠡᠵᠦ | ᠲᠠᠩᠳᠠ ᠪᠤᠳᠤᠳᠠᠭ ᠪᠤᠯᠤᠭᠰᠠᠨ᠃ | ᠰᠤᠷᠭᠠᠭᠤᠯᠢ ᠰᠤᠶᠤᠯ ᠤᠨ ᠮᠦᠷ ᠬᠦᠭᠡᠭᠡᠵᠦ ᠪᠠᠭ᠋ᠠᠨ ᠬᠡᠳᠦᠨ ᠵᠢᠯ ᠪᠤᠯᠬᠤ | ᠳᠤ᠂ ᠪᠢ ᠠᠷᠪᠠᠨ ᠭᠤᠷᠪᠠᠨ ᠤ ᠪᠠᠨ ᠵᠢᠯ ᠢ ᠤᠷᠤᠵᠦ ᠬᠠᠶᠠ ᠬᠠᠶᠠ ᠬᠦᠮᠦᠰ ᠢᠶᠠᠷ ᠵᠠᠯᠠᠭᠤ ᠭᠡᠵᠦ | ᠲᠠᠭᠤᠳᠠᠭᠤᠯᠬᠤ ᠳᠠᠭᠠᠨ ᠲᠠᠤᠯᠠᠢ ᠰᠢᠤᠬᠠᠨ ᠲᠡᠭᠳᠡᠴᠢᠵᠦ ᠠᠪᠤ ᠠᠴᠠ ᠦᠨᠦ ᠬᠦᠬᠡ ᠴᠢᠯᠠᠭᠤ ᠶᠢ ᠬᠦᠳᠡᠯᠭᠡᠬᠦ | ᠲᠤᠬᠠᠢ ᠠᠰᠠᠭᠤᠬᠤ ᠳᠤ᠂ ᠴᠢ ᠬᠦᠳᠡᠯᠭᠡᠬᠦ ᠪᠤᠯᠤᠭᠠᠳᠠᠢ ᠪᠠᠶᠢᠭᠰᠠᠭᠠᠷ ᠭᠡᠳ ᠠᠮᠠ ᠪᠠᠨ ᠬᠠᠭᠠᠯᠭᠠᠨ᠎ᠠ᠃ | ᠠᠩᠬ᠎ᠠ ᠲᠤᠮᠳᠠᠳᠦ ᠪᠠᠨ ᠲᠡᠭᠦᠰᠭᠡᠭᠰᠡᠨ ᠦᠩᠭᠡᠷᠡᠭᠰᠡᠨ ᠵᠤᠨ ᠪᠢ ᠠᠨᠳᠠ | ᠪᠤᠶᠠᠨᠳᠠᠯᠠᠢ ᠶᠢᠨ ᠢᠶᠠᠨ ᠬᠠᠮᠳᠦ ᠡᠪᠦᠯᠵᠢᠶ᠎ᠡ ᠰᠠᠬᠢᠬᠤ ᠠᠯᠪᠠᠨ ᠳᠤ ᠤᠨᠤᠭᠳᠠᠵᠦ ᠲᠡᠳᠡᠨ ᠤ ᠢᠯᠡᠭᠦᠴᠡ ᠭᠡᠷ | ᠲᠤᠨᠢ ᠬᠠᠨᠢᠯᠠᠨ ᠰᠠᠭᠤᠪᠠ᠃ ᠡᠳᠦᠷ ᠲᠤ ᠬᠢᠳᠡᠯ ᠦᠭᠡᠢ ᠭᠡᠶᠦᠷᠬᠦ ᠳᠡᠭᠡᠨ ᠭᠡᠨᠡᠳᠳᠡ ᠨᠦᠭᠦᠬᠡ ᠴᠢᠯᠠᠭᠤ ᠪᠠᠨ | ᠪᠤᠳᠤᠨ ᠤᠯᠴᠢᠵᠦ᠂ ᠪᠤᠶᠠᠨᠳᠠᠯᠠᠢ ᠲᠠᠢ ᠲᠤᠤᠷᠠᠬᠠᠨᠠ ᠰᠠᠨᠠᠭ᠎ᠠ ᠨᠡᠶᠢᠯᠡᠭᠡᠳ ᠬᠦᠷᠵᠡ ᠮᠦᠷᠦᠯᠳᠦᠨ ᠵᠡᠭᠦᠨ | ᠰᠢᠯᠢ ᠶᠢ ᠴᠢᠭᠯᠡᠪᠡ᠃ | ᠴᠢᠯᠠᠭᠤᠨ ᠳᠤ ᠲᠤᠯᠪᠠ ᠃ ᠭᠠᠶᠢᠬᠠᠯᠳᠠᠢ ᠶᠤᠮ︕ ᠠᠯᠤᠰ ᠠᠴᠠ | ᠬᠠᠷᠠᠬᠤ ᠳᠤ ᠵᠢᠴᠢᠭᠬᠡᠨ ᠲᠤᠯᠪᠤ ᠲᠡᠳᠦᠢ ᠪᠠᠶᠢᠭᠰᠠᠨ ᠴᠢᠨᠢ ᠬᠦᠷᠦᠭᠡᠳ ᠤᠴᠢᠬᠤᠯᠠᠷ ᠨᠢ ᠲᠡᠪᠡᠷᠢ ᠰᠢᠬᠠᠮ᠎ᠠ ᠲᠤᠮᠤ | ᠪᠤᠯᠴᠢᠵᠦ᠂ ᠪᠤᠰᠤᠭ᠎ᠠ ᠬᠦᠮᠦᠨ ᠤ ᠲᠦᠷᠰᠦ ᠰᠢᠤᠬᠠᠨ ᠬᠠᠷᠠᠭᠳᠠᠨ᠎ᠠ᠃ ᠴᠢᠯᠠᠭᠤᠨ ᠤ ᠰᠠᠭᠤᠷᠢ ᠡᠷᠭᠢᠨ | ᠲᠤᠭᠤᠷᠢᠨ ᠪᠠᠭ᠋ᠠᠨ ᠬᠠᠯᠴᠢᠷᠠᠵᠦ ᠭᠠᠵᠠᠷ ᠠᠴᠠ ᠨᠢᠳᠤᠷᠭ᠎ᠠ ᠴᠢᠨᠡᠭᠡᠨ ᠬᠤᠳᠤᠶᠢᠨ ᠤᠷᠤᠵᠠᠢ᠃ | ᠮᠠᠨᠤᠰ ᠴᠢᠯᠠᠭᠤᠨ ᠲᠡᠭᠡᠷ᠎ᠡ ᠠᠴᠠ ᠰᠡᠶᠢᠯᠦᠮᠡᠯ ᠦᠰᠦᠭ ᠵᠢᠷᠤᠭ ᠡᠷᠢᠭᠡᠳ | ᠤᠯᠤᠭᠰᠠᠨ ᠦᠭᠡᠢ ᠃ ᠬᠠᠷᠢᠨ ᠲᠤᠭ ᠤᠷᠤᠢ ᠲᠡᠭᠡᠷᠡᠬᠢ ᠲᠦᠭᠡ ᠴᠢᠨᠡᠭᠡᠨ ᠵᠢᠭᠳᠡᠬᠡᠨ ᠰᠢᠯᠠᠭᠤᠨ ᠨᠦᠬᠡ ᠶᠢ | ᠬᠠᠷᠠᠭᠠᠳ᠂ ᠨᠦᠭᠦᠭᠡ ᠰᠠᠮᠫᠢᠯ ᠡᠪᠦᠭᠡᠨ ᠤ ᠄ ︽ᠪᠢ ᠤᠷᠢᠳᠦ ᠲᠠᠨᠠᠶᠢᠬᠡᠨ ᠤ ᠲᠠᠯ᠎ᠠ ᠪᠠᠷ | ᠤᠳᠤᠷᠯᠠᠬᠤ ᠳᠤ ᠨᠢᠭᠡ ᠤᠳᠠᠭᠠᠨ ᠤ ᠬᠡᠴᠡᠭᠦᠬᠡᠨ ᠠᠶᠤᠩᠭᠠᠳᠦ ᠪᠤᠷᠤᠭᠠᠨ ᠤᠷᠤᠵᠦ ᠰᠦᠨᠢ ᠲᠤᠵᠢ | ᠴᠠᠬᠢᠯᠤᠭᠠᠳ ᠪᠠᠶᠢᠭᠰᠠᠨ᠂ ᠦᠷᠯᠦᠭᠡ ᠨᠢ ᠲᠡᠭᠷᠢ ᠴᠡᠯᠮᠡᠶᠢᠵᠦ ᠰᠠᠶᠢᠬᠠᠨ ᠪᠤᠯᠬᠤ ᠳᠤ᠂ ᠪᠢ ᠬᠦᠬᠡ | ᠴᠢᠯᠠᠭᠤ ᠶᠢ ᠤᠴᠢᠭᠠᠳ ᠦᠵᠡᠬᠦᠯᠡᠷ ᠤᠷᠤᠢ ᠲᠡᠭᠡᠷ᠎ᠡ ᠨᠢ ᠨᠦᠬᠡ ᠭᠠᠷᠴᠢᠵᠦ ᠪᠤᠷᠤᠭᠠᠨ ᠤ ᠤᠰᠤ | ᠲᠤᠭᠳᠠᠴᠢᠬᠠᠭᠠᠳ ᠪᠠᠶᠢᠭᠰᠠᠨ︾ ᠭᠡᠰᠡᠨ ᠶᠠᠷᠢᠶ᠎ᠠ ᠶᠢ ᠰᠠᠨᠠᠪᠠ᠃ | ᠰᠤᠨᠢᠭᠤᠴᠠ ᠵᠠᠩ ᠳᠠᠭᠠᠨ ᠬᠡᠴᠡᠭᠦᠤ ᠲᠡᠶᠢᠯᠦᠭᠳᠡᠭᠰᠡᠨ ᠮᠠᠨ ᠤ ᠬᠤᠶᠠᠷ ᠴᠢᠯᠠᠭᠤ | ᠶᠢ ᠪᠠᠭ᠋ᠠᠨ ᠴᠤᠬᠢᠯᠠᠵᠦ ᠦᠵᠡᠪᠡ᠃ ᠲᠦᠯᠬᠢᠵᠦ ᠤᠷᠬᠢᠪᠠᠯ ᠤᠨᠠᠬᠤ ᠰᠢᠭ᠋ ᠬᠠᠷᠠᠭᠳᠠᠭᠠᠳ ᠪᠠᠶᠢᠭᠰᠠᠨ ᠮᠠᠨᠢ | ᠪᠤᠷᠤᠭᠤ ᠪᠤᠯᠵᠤ᠂ ᠭᠠᠷ ᠢᠶᠠᠨ ᠮᠢᠨᠴᠦᠷᠳᠡᠯᠡ ᠴᠤᠬᠢᠯᠠᠭᠰᠠᠨ ᠪᠤᠯᠪᠠᠴᠦ ᠦᠴᠦᠬᠡᠨ ᠴᠦ ᠭᠡᠨᠡᠭ ᠦᠭᠡᠢ | ᠲᠦᠩᠬᠦᠶᠢᠨ ᠰᠠᠭᠤᠭᠰᠠᠭᠠᠷ ᠪᠠᠶᠢᠯ᠎ᠠ᠃ ︽ ᠭᠤᠤᠯ ᠲᠠᠰᠤᠷᠠᠬᠤ ᠦᠭᠡᠢ ᠪᠤᠯ ᠭᠤᠷᠢ ᠲᠠᠰᠤᠷᠠᠬᠤ ᠦᠭᠡᠢ︾ | ᠭᠡᠭᠴᠢ ᠪᠤᠯᠵᠤ᠂ ᠠᠭᠤᠷ ᠰᠢᠨᠤᠯ ᠳᠠᠭᠠᠨ ᠰᠢᠳᠠᠭᠰᠠᠨ ᠪᠢᠳᠡ ᠬᠤᠶᠠᠷ ᠬᠡᠷᠬᠢᠪᠡᠴᠦ ᠨᠢᠭᠡ ᠦᠵᠦᠭᠦᠷ ᠲᠤ ᠭᠠᠷᠬᠤ | ᠭᠡᠵᠦ ᠴᠢᠯᠠᠭᠤ ᠶᠢ ᠲᠤᠭᠤᠷᠢᠨ ᠤᠬᠤᠵᠤ ᠡᠬᠢᠯᠡᠪᠡ ᠃ | ᠬᠤᠶᠠᠷ ᠲᠤᠬᠤᠮ ᠰᠢᠬᠠᠮ᠎ᠠ ᠤᠬᠤᠭᠠᠳ ᠴᠢᠯᠠᠭᠤᠨ ᠤ ᠰᠠᠭᠤᠷᠢ ᠬᠠᠷᠭᠳᠠᠭᠠ | ᠦᠭᠡᠢ᠂ ᠪᠦᠭᠡᠮ ᠡᠯᠡᠰᠦ᠂ ᠴᠢᠯᠠᠭᠤᠯᠢᠭ ᠰᠢᠷᠤᠢ ᠠᠴᠠ ᠦᠭᠡᠷ᠎ᠡ ᠶᠠᠭᠤᠮ᠎ᠠ ᠭᠠᠷᠤᠭ᠎ᠠ ᠦᠭᠡᠢ ᠃ | ᠨᠠᠷᠠᠨ ᠬᠠᠨ᠎ᠠ ᠶᠢᠨ ᠲᠤᠯᠤᠭᠠᠢ ᠰᠢᠭᠦᠷᠬᠦ ᠰᠢᠬᠠᠳᠠᠯ᠎ᠠ ᠤᠷᠤᠯᠳᠤᠭᠠᠳ ᠬᠡᠴᠡᠭᠦᠤ ᠶᠠᠳᠠᠷᠠᠭᠰᠠᠨ ᠠᠴᠠ ᠨᠢᠭᠡᠨ | ᠨᠢᠬᠡ ᠪᠠᠨ ᠲᠤᠭᠤᠶᠢᠬᠠᠨ ᠰᠢᠷᠳᠡᠨ ᠰᠠᠭᠤᠳᠠᠯ᠎ᠠ᠂ ᠬᠤᠶᠢᠳᠦ ᠵᠤᠰᠠᠯᠠᠩ ᠤᠨ ᠵᠠᠮ ᠢᠶᠠᠷ ᠨᠢᠭᠡᠨ ᠮᠤᠷᠢᠳᠠᠨ | ᠲᠠᠯ᠎ᠠ ᠶᠢᠨ ᠵᠡᠷᠭᠡᠯᠭᠡᠨ ᠲᠠᠢ ᠬᠠᠨᠢᠰᠤᠨ ᠠᠶᠢᠰᠤᠢ ᠬᠠᠷᠠᠭᠳᠠᠪᠠ᠃ | ᠪᠤᠶᠠᠨᠳᠠᠯᠠᠢ ᠰᠤᠭᠤ ᠦᠰᠦᠷᠡᠨ ᠬᠠᠷᠠᠶᠢᠯᠠᠵᠦ᠂ ᠦᠷᠭᠦᠭᠰᠡᠨ | ᠪᠦᠵᠦᠩ ᠤᠨ ᠨᠢᠳᠦᠯᠡᠭᠰᠡᠭᠡᠷ᠄ ︽ᠠᠪᠤ ᠢᠷᠡᠯ᠎ᠡ᠂ ᠤᠳᠤ ᠲᠠᠭᠤᠰᠤᠯ᠎ᠠ᠂ ᠬᠤᠷᠳᠤᠨ ᠬᠤᠷᠳᠤᠨ᠂᠂᠂᠂ | ︾ ᠭᠡᠭᠰᠡᠭᠡᠷ ᠮᠠᠯᠳᠠᠭᠰᠠᠨ ᠰᠢᠷᠤᠢ ᠪᠠᠨ ᠨᠦᠬᠡᠨ ᠳᠤᠨᠢ ᠰᠠᠨᠳᠤᠷᠠᠩᠬᠠᠨ ᠪᠤᠴᠠᠭᠠᠵᠦ ᠰᠠᠮᠠᠭᠠᠷᠳᠠᠯᠠ ᠪᠢ ᠴᠦ | ᠤᠤᠬᠠᠢ ᠲᠤᠤᠬᠠᠢ ᠪᠠᠨ ᠠᠯᠳᠠᠨ ᠪᠠᠯᠠᠭᠳᠠᠯᠠ᠃ ᠲᠡᠭᠦᠰ ᠠᠪᠠᠭ᠎ᠠ ᠬᠤᠶᠢᠳᠦ ᠬᠦᠨᠳᠡᠢ ᠳᠤ ᠤᠷᠤᠵᠦ | ᠤᠴᠢᠳᠠᠯᠠ ᠮᠠᠨᠤᠰ ᠴᠦ ᠨᠦᠬᠡ ᠪᠠᠨ ᠪᠦᠭᠯᠡᠭᠡᠳ ᠬᠠᠭᠤᠷᠠᠢ ᠰᠢᠷᠤᠢ ᠰᠤᠯᠠ ᠠᠰᠬᠠᠭᠠᠳ ᠭᠡᠷ ᠦᠭᠡᠳᠡ ᠪᠠᠨ ᠤᠮ | ᠬᠤᠮ ᠦᠭᠡᠢ ᠲᠠᠪᠬᠢᠯᠳᠤᠪᠠ᠃ | ᠮᠠᠨᠤᠰ ᠭᠡᠷ ᠲᠡᠭᠡᠨ ᠤᠷᠤᠳᠠᠯ᠎ᠠ᠂ ᠲᠡᠭᠦᠰ ᠠᠪᠠᠭ᠎ᠠ ᠴᠦ ᠬᠦᠭᠡᠭᠡᠴᠡᠯᠳᠦᠬᠡᠨ | ᠪᠤᠯᠤᠭᠰᠠᠭᠠᠷ ᠤᠶᠠᠭᠠᠨ ᠲᠡᠭᠡᠷ᠎ᠡ ᠵᠠᠯᠠᠷᠠᠵᠦ ᠠᠶᠠᠨ ᠤ ᠪᠤᠷᠤ ᠲᠠᠯᠢᠩ ᠢᠶᠠᠨ ᠲᠡᠭᠦᠵᠢᠯᠡᠭᠰᠡᠭᠡᠷ ᠤᠷᠤᠵᠤ ᠢᠷᠡᠪᠡ᠃ | ︽ᠵᠠ᠂ ᠵᠠ ᠬᠤᠶᠠᠷ ᠬᠦᠤ ᠰᠠᠶᠢᠨ ᠰᠠᠭᠤᠵᠦ ᠪᠠᠶᠢᠨ᠎ᠡ ᠤᠤ︖︾ | ᠭᠡᠵᠦ ᠮᠡᠨᠳᠦᠴᠢᠯᠡᠬᠦ ᠶᠢᠨ ᠵᠠᠪᠰᠠᠷ ᠲᠡᠯᠢᠩ ᠠᠴᠠ ᠪᠠᠨ ᠬᠤᠷᠤᠳ ᠦᠷᠦᠮ᠎ᠠ ᠪᠠᠭ᠋ᠠᠨ ᠴᠠᠭᠠᠨ ᠢᠳᠡᠭᠡ | ᠭᠠᠷᠭᠠᠭᠰᠠᠨ ᠢᠶᠠᠨ ᠰᠢᠭᠤᠳ ᠬᠤᠶᠢᠮᠤᠷ ᠲᠤ ᠰᠠᠭᠠᠳᠠᠳᠠᠯᠠ ᠦᠭᠡᠷ᠎ᠡ ᠶᠠᠭᠤᠮ᠎ᠠ ᠶᠠᠷᠢᠭ᠎ᠠ ᠦᠭᠡᠢ ᠳᠤᠨᠢ ᠮᠠᠨᠤᠰ | ᠪᠠᠶᠠᠷᠯᠠᠨ ᠴᠠᠢ ᠪᠤᠴᠠᠯᠭᠠᠬᠤ ᠭᠡᠳ ᠦᠨᠡᠰᠦ ᠲᠤᠭᠤᠰᠤ ᠪᠤᠬᠢᠷᠠᠭᠤᠯᠤᠨ ᠪᠦᠭᠡᠮ ᠲᠡᠪᠵᠢᠶᠡᠨ ᠪᠤᠯᠪᠠ᠃ | ᠴᠠᠶᠢᠯᠠᠬᠤ ᠵᠠᠪᠰᠠᠷ ᠲᠡᠭᠦᠰ ᠠᠪᠠᠭ᠎ᠠ ᠮᠠᠯ ᠠᠬᠤᠢ ᠰᠠᠶᠢᠬᠠᠨ ᠵᠤᠨᠰᠢᠵᠦ | ᠪᠠᠶᠢᠭ᠎ᠠ᠂ ᠪᠠᠳᠦᠰᠦᠬᠡ ᠶᠢᠨ ᠬᠢᠨᠢ ᠮᠤᠷᠢ ᠪᠠᠨ ᠤᠯᠤᠭᠰᠠᠨ᠂ ᠦᠵᠦᠮᠦᠴᠢᠳ ᠪᠠᠰᠠᠯᠠ ᠨᠠᠭᠤᠷ ᠢᠶᠠᠨ | ᠦᠮᠴᠢᠷᠬᠡᠵᠦ ᠪᠠᠶᠢᠭ᠎ᠠ᠂᠂᠂᠂ ᠬᠤᠯᠠ ᠤᠶᠢᠷ᠎ᠠ ᠶᠢᠨ ᠰᠤᠨᠢᠨ ᠢᠶᠠᠷ ᠮᠠᠨᠤᠰ ᠢ ᠲᠠᠶᠢᠯᠠᠨ ᠰᠠᠭᠤᠬᠤ ᠳᠠᠭᠠᠨ᠂ | ᠤᠭᠵᠤᠮᠬᠠᠨ ᠭᠡᠭᠴᠢ ᠴᠢᠷᠠᠢ ᠪᠠᠨ ᠡᠭᠦᠯᠳᠡᠭᠦᠯᠦᠨ ᠪᠠᠶᠢᠵᠦ ᠄ ︽ ᠵᠠ᠂ ᠲᠠᠨ ᠤ ᠬᠤᠶᠠᠷ ᠲᠡᠭᠡᠭᠡᠳ | ᠶᠡᠷᠦ ᠨᠤᠮᠤᠬᠠᠨ ᠰᠠᠭᠤᠭᠠᠳ ᠪᠠᠶᠢᠭᠰᠠᠨ ᠤᠤ︖︾ ᠬᠡᠬᠦ ᠳᠤ᠂ ᠪᠤᠶᠠᠨᠳᠠᠯᠠᠢ ᠮᠠᠨᠢ ᠤᠪᠵᠠᠩᠳᠠᠢ ᠭᠡᠭᠴᠢ | ᠨᠢ ᠠᠷᠭ᠎ᠠ ᠦᠭᠡᠢ ᠲᠦᠷᠢᠯᠡᠭᠰᠡᠭᠡᠷ᠄ ︽ ᠲᠡᠭᠡᠬᠦ ᠦᠭᠡᠢ ᠶᠠᠭᠠᠬᠢᠨ᠎ᠠ᠂ ᠮᠠᠨᠤᠰ ᠤᠳᠤ ᠲᠠᠶᠢᠮᠤ ᠤᠬᠠᠭᠠᠨ | ᠦᠭᠡᠢ ᠬᠡᠤᠬᠡᠳ ᠪᠢᠰᠢ ᠪᠤᠯᠵᠤ ᠵᠠᠯᠠᠭᠤ ᠪᠤᠯᠴᠢᠬᠠᠭᠰᠠᠨ᠂ ᠠᠪᠤ ᠶᠠᠭᠠᠬᠢᠭᠠᠳ ᠮᠠᠨᠤᠰ ᠢ ᠬᠠᠷᠠᠳᠠᠭᠠᠳ ᠪᠠᠶᠢᠨ᠎ᠠ | ᠪᠤᠢ︖︾ ᠬᠡᠵᠦ ᠠᠮᠠ ᠵᠦᠷᠢᠳᠡᠯᠡ᠂ ᠨᠠᠰᠤ ᠪᠠᠷ ᠢᠶᠠᠨ ᠬᠡᠯᠮᠦᠷᠴᠢ ᠶᠠᠪᠤᠭᠰᠠᠨ ᠡᠪᠦᠭᠡᠨ ᠭᠤᠸᠠᠢ ᠦᠭᠡ | ᠠᠯᠳᠠᠯ ᠦᠭᠡᠢ ᠲᠡᠮᠡᠢ ᠦᠨᠳᠡᠯᠵᠡᠭᠰᠡᠨ ᠢᠶᠠᠨ ᠨᠢᠳᠦ ᠪᠠᠨ ᠤᠳᠤ ᠪᠤᠯᠭᠠᠨ᠄ ︽ ᠲᠡᠭᠡᠨ᠎ᠡ ᠂ ᠮᠢᠨᠤ ᠬᠦᠤ᠂ | ᠬᠦᠯ ᠴᠢᠨᠢ ᠲᠦᠷᠦᠭᠡᠨ ᠳᠤ ᠬᠦᠷᠦᠭᠰᠡᠨ ᠵᠠᠯᠠᠭᠤᠰ ᠭᠡᠵᠦ ᠪᠠᠶᠢᠭᠠᠳ᠂ ᠨᠤᠳᠤᠭ ᠤᠨ ᠤᠩᠭᠤᠳ ᠲᠠᠢ | ᠤᠷᠤᠯᠳᠤᠭᠠᠳ ︿ᠲᠤᠮᠤᠭ᠎ᠠ ﹀ ᠲᠠᠢ ᠰᠠᠭᠤᠯ᠎ᠠ ᠪᠢᠵᠠ︖︕︾ ᠭᠡᠵᠦ ᠬᠡᠯᠡᠭᠰᠡᠭᠡᠷ ᠪᠠᠶᠢᠭᠠᠳ ᠰᠦᠷᠬᠡᠢ | ᠴᠢᠬᠤᠯᠳᠠᠨ᠂ ᠬᠠᠨᠵᠤᠨ ᠢᠷᠮᠡᠭ ᠰᠢᠯᠵᠢᠵᠦ ᠰᠠᠭᠤᠭᠠᠳ᠄ ︽ ᠠᠯᠢ ᠨᠢᠭᠡ ᠡᠳᠦᠷ ᠤᠩᠭᠤᠳ ᠲᠠᠢ | ᠬᠠᠯᠳᠠᠭᠰᠠᠭᠠᠷ ᠪᠠᠶᠢᠵᠦ᠂ ᠨᠤᠳᠤᠭ ᠤᠨ ᠨᠠᠪᠳᠠᠰ ᠰᠠᠪᠳᠠᠰ ᠢ ᠠᠭᠤᠷᠯᠠᠭᠤᠯᠵᠦ ᠭᠦᠢᠴᠡᠭᠡᠳ ᠠᠮᠤᠷᠬᠤ ᠪᠤᠢ᠂ | ᠭᠡᠪᠡᠴᠦ ᠲᠠᠨᠤᠰ ᠢᠶᠠᠷ ᠵᠤᠭᠰᠤᠯ ᠦᠭᠡᠢ ᠪᠦᠬᠦ ᠨᠤᠳᠤᠭ ᠲᠤ ᠪᠠᠯᠠᠰ ᠲᠠᠷᠢᠨ᠎ᠠ︾ ᠭᠡᠳ ᠮᠤᠳᠤ ᠲᠤᠯᠤᠭᠠᠢ ᠪᠠᠨ | ᠭᠤᠳᠤᠯ ᠤᠨ ᠤᠯᠠ ᠲᠡᠭᠡᠷ᠎ᠡ ᠪᠠᠨ ᠭᠠᠯ ᠭᠠᠷᠳᠠᠯ᠎ᠠ ᠰᠠᠪᠠᠪᠠ᠃ | ᠤᠷᠦᠢ ᠨᠢ ᠲᠡᠭᠦᠰ ᠠᠪᠠᠭ᠎ᠠ ᠶᠢᠨ ᠠᠭᠤᠷ ᠠᠷᠠᠢ ᠭᠡᠵᠦ ᠨᠠᠮᠳᠠᠨ ᠬᠦᠬᠡ | ᠴᠢᠯᠠᠭᠤᠨ ᠤ ᠲᠤᠬᠠᠢ ᠪᠠᠭ᠋ᠠᠨ ᠶᠠᠷᠢᠪᠠ ᠃ | ᠬᠦᠬᠡ ᠴᠢᠯᠠᠭᠤ ᠬᠡᠳᠦᠢ ᠳᠤ ᠲᠤᠭᠳᠠᠭᠰᠠᠨ ᠢ ᠮᠡᠳᠡᠬᠦ ᠬᠦᠮᠦᠨ ᠠᠯᠠᠭ᠎ᠠ | ᠪᠠᠶᠢᠵᠦ᠂ ᠠᠯᠢ ᠡᠷᠳᠡ ᠠᠴᠠ ᠪᠠᠨ ᠨᠤᠳᠤᠭ ᠤᠨ ᠤᠩᠭᠤᠨ ᠲᠤᠭᠰᠢᠳ ᠤᠨ ᠨᠢᠭᠡ ᠪᠤᠯᠵᠦ ᠬᠦᠮᠦᠨ ᠵᠤᠨ ᠤ | ᠭᠠᠷ ᠬᠦᠷᠭᠡᠯ ᠦᠭᠡᠢ ᠤᠨ ᠤᠳᠠᠵᠠᠢ᠃ ᠤᠷᠢᠳᠦ ᠶᠠᠭ ᠪᠤᠰᠤᠭ᠎ᠠ ᠬᠦᠮᠦᠨ ᠰᠢᠭ ᠭᠤᠵᠤᠶᠢᠭᠠᠳ ᠪᠠᠶᠢᠬᠤᠯᠠᠷ ᠨᠢ | ᠬᠦᠮᠦᠨ ᠴᠢᠯᠠᠭᠤ ᠬᠡᠮᠡᠨ ᠨᠡᠷᠡᠯᠡᠵᠦ᠂ ᠤᠳᠠᠭᠠᠨ ᠵᠢᠯ ᠤᠨ ᠰᠠᠯᠬᠢ ᠪᠤᠷᠤᠭ᠎ᠠ᠂ ᠪᠠᠶᠢᠭᠠᠯᠢ ᠶᠢᠷᠳᠢᠨᠴᠦ ᠶᠢᠨ | ᠲᠦᠮᠡᠨ ᠬᠤᠪᠢᠷᠠᠯ ᠳᠤ ᠲᠠᠪᠳᠠᠭᠳᠠᠭᠰᠠᠭᠠᠷ ᠪᠠᠶᠢᠭᠠᠳ ᠤᠭ ᠲᠦᠷᠬᠦ ᠪᠠᠨ ᠨᠡᠯᠢᠶᠡᠳ ᠠᠯᠳᠠᠨ ᠬᠠᠷ᠎ᠠ ᠂ | ᠬᠦᠷᠡᠩ ᠂ ᠤᠯᠠᠭᠠᠨ ᠶᠢᠰᠦᠨ ᠵᠦᠢᠯ ᠤᠨ ᠦᠩᠭᠡ ᠪᠠᠷ ᠬᠤᠪᠢᠷᠠᠭᠰᠠᠭᠠᠷ ᠡᠳᠦᠭᠡ ᠵᠦᠪᠬᠡᠨ ᠵᠢᠵᠢᠭᠬᠡᠨ ᠬᠦᠬᠡ | ᠬᠦᠮᠦᠨ ᠴᠢᠯᠠᠭᠤ ᠪᠤᠯᠵᠤ ︽ᠬᠦᠭᠡ ᠴᠢᠯᠠᠭᠤ︾ ᠭᠡᠵᠦ ᠨᠡᠷ᠎ᠡ ᠪᠠᠨ ᠬᠠᠯᠠᠵᠠᠢ ᠃ | ᠬᠦᠬᠡ ᠴᠢᠯᠠᠭᠤ ᠶᠢ ᠬᠦᠮᠦᠰ ᠲᠡᠮᠡᠢ ᠤᠪᠠᠶᠢᠯᠠᠳᠠᠭ ᠦᠭᠡᠢ ᠪᠤᠯᠪᠠᠴᠦ | ᠤᠩᠭᠤᠳ ᠲᠤᠭᠰᠢᠳ ᠲᠠᠢ ᠭᠡᠵᠦ ᠦᠪᠡᠷᠰᠡᠳ ᠢ ᠪᠠᠨ ᠪᠤᠰᠤᠳ ᠪᠠᠷ ᠴᠦ ᠤᠷᠤᠯᠳᠠᠭᠤᠯᠳᠠᠭ ᠦᠭᠡᠢ ᠠᠵᠢ᠃ | ᠡᠶᠢᠨᠬᠦ ᠲᠡᠭᠦᠰ ᠠᠪᠠᠭ᠎ᠠ᠂ ᠮᠠᠨ ᠤ ᠬᠤᠶᠠᠷ ᠢ ᠬᠡᠴᠡᠭᠦᠤ ᠵᠢᠮᠡᠯᠡᠭᠰᠡᠨ ᠨᠢ ᠡᠨᠡ ᠪᠠᠶᠢᠵᠠᠢ᠃ | ᠲᠡᠭᠦᠨ ᠠᠴᠠ ᠬᠤᠶᠢᠰᠢ ᠪᠢᠳᠡ ᠬᠤᠶᠠᠷ ᠬᠦᠭᠡ ᠴᠢᠯᠠᠭᠤ ᠪᠠᠨ ᠲᠠᠬᠢᠵᠦ | ᠤᠷᠤᠯᠳᠠᠭᠠ ᠦᠭᠡᠢ᠂ ᠬᠠᠷᠨ ᠬᠤᠨᠢ ᠮᠠᠯ ᠢᠶᠠᠨ ᠲᠠᠩᠳᠠ ᠬᠠᠵᠠᠭᠤᠬᠠᠨ ᠳᠤᠨᠢ ᠪᠡᠯᠴᠢᠭᠡᠷᠯᠡᠭᠦᠯᠳᠡᠭ ᠪᠤᠯᠵᠠᠢ᠃ | ᠪᠢ ᠨᠤᠳᠤᠭ ᠠᠴᠠ ᠪᠠᠨ ᠠᠶᠠᠷᠯᠠᠬᠤ ᠪᠦᠷᠢ ᠬᠦᠬᠡ ᠴᠢᠯᠠᠭᠤ | ᠮᠢᠨᠢ ᠲᠤᠪ ᠲᠤᠭᠤᠶᠢᠬᠠᠨ ᠬᠦᠬᠡ ᠮᠦᠩᠭᠦᠨ ᠲᠡᠭᠷᠢ᠂ ᠬᠦᠷᠦᠰᠦᠳᠦ ᠠᠯᠳᠠᠨ ᠲᠡᠯᠡᠬᠡᠢ ᠪᠠᠨ ᠠᠭᠤᠵᠢᠮᠬᠠᠨ | ᠰᠢᠷᠳᠡᠵᠦ ︽ ᠪᠢ ᠨᠤᠳᠤᠭ ᠲᠠᠢ ᠪᠠᠨ ᠬᠠᠮᠳᠦ ᠤᠷᠭᠤᠭᠰᠠᠨ ᠶᠤᠮ ᠂ ᠨᠤᠳᠤᠭ ᠠᠮᠢᠳᠠᠢ ᠶᠤᠮ ᠪᠤᠯᠬᠤᠷ | ᠲᠠᠨᠤᠰ ᠤᠨ ᠭᠠᠷ ᠲᠤ ᠰᠤᠭᠤᠷᠬᠤ ᠦᠭᠡᠢ ᠶᠤᠮ᠂ ᠨᠤᠳᠤᠭ ᠲᠠᠢ ᠪᠠᠨ ᠬᠠᠮᠳᠦ ᠮᠦᠩᠬᠡᠷᠳᠡᠭ ᠯᠡ | ᠬᠡᠷᠡᠭ︾ ᠭᠡᠵᠦ ᠴᠢᠮᠡᠭᠡ ᠦᠭᠡᠶᠢᠬᠡᠨ ᠵᠠᠷᠯᠠᠨ᠎ᠠ᠃ | ᠬᠡᠰᠢᠭᠳᠡᠨ ᠬᠤᠰᠢᠭᠤᠨ ᠤ ᠪᠢᠷᠠᠭᠤ ᠳᠠᠬᠢ ᠮᠤᠩᠭᠤᠯ ᠲᠤᠮᠳᠠᠳᠤ | ᠰᠤᠷᠭᠠᠭᠤᠯᠢ ᠶᠢᠨ ᠲᠡᠭᠡᠳᠦ ᠬᠤᠶᠠᠷ ᠤᠨ ᠰᠤᠷᠤᠭᠴᠢ — ᠲᠡᠪᠰᠢᠬᠦ | ︵ 2003 ᠤᠨ ᠳᠤ︶ | | |