ᠴᠢᠩᠬᠢᠰ ᠬᠠᠭᠠᠨ  ᠤ ᠡᠭᠦᠳᠦᠭᠰᠡᠨ ᠲᠡᠯᠡᠬᠡᠢ  ᠶᠢᠨ ᠬᠠᠮᠤᠭ  ᠎ ᠤᠳ
ᠨᠡᠶᠢᠲᠡᠯᠡᠭᠰᠡᠨ ᠴᠠᠭ᠄
2009/10/15
              ᠲᠠᠯᠡᠬᠡᠢ ᠲᠡᠭᠡᠷ᠎ᠡ ᠨᠣᠳᠤᠭ ᠲᠡᠪᠢᠰᠬᠡᠷ ᠬᠠᠮᠤᠭ  ᠤᠨ ᠶᠡᠭᠡ ᠬᠠᠭᠠᠨᠳᠣ ᠣᠯᠣᠰ  ᠢ ᠪᠠᠶᠢᠭᠤᠯᠪᠠ᠄ ᠲᠠᠮᠣᠵᠢᠨ ᠬᠤᠷᠢᠭᠠᠳ ᠵᠢᠯ  ᠤᠨ ᠪᠠᠶᠢᠯᠳᠣᠭᠠᠨ  ᠢᠶᠠᠷ ᠲᠠᠮᠵᠢᠨ  40 ᠭᠠᠷᠣᠢ ᠣᠯᠣᠰ᠂  700 ᠭᠠᠷᠣᠢ ᠦᠨᠳᠦᠰᠦᠳᠡᠨ  ᠢ ᠶᠡᠭᠡ ᠮᠣᠩᠭᠤᠯ ᠬᠠᠭᠠᠨᠳᠣ ᠣᠯᠣᠰ  ᠤᠨ ᠡᠷᠬᠡᠰᠢᠶᠡᠯ ᠳᠤ ᠪᠠᠨ ᠣᠷᠣᠭᠤᠯᠪᠠ᠃ ᠲᠡᠭᠦᠨ ᠎ ᠤ ᠲᠠᠶᠢᠯᠠᠨ ᠡᠵᠡᠯᠡᠭᠰᠡᠨ ᠭᠠᠵᠠᠷ ᠨᠣᠳᠤᠭ ᠣᠷᠢᠳᠣ ᠭᠠᠷᠤᠭ᠎ᠠ ᠦᠭᠡᠢ ᠶᠡᠭᠡ ᠪᠠᠶᠢᠬᠤ ᠪᠠᠷ ᠪᠠᠷᠠᠬᠤ ᠦᠭᠡᠢ ᠢᠷᠡᠭᠡᠳᠦᠢ ᠎ ᠳᠤ ᠴᠣ᠋ ᠭᠠᠷᠴᠣ ᠲᠡᠶᠢᠯᠬᠦ ᠦᠭᠡᠢ ᠶᠣᠮ᠃ ᠬᠠᠮᠢᠶ᠎ᠠ ᠪᠦᠬᠦᠢ ᠮᠠᠲ᠋ᠧᠷᠢᠶᠠᠯ ᠳᠤ ᠲᠡᠮᠳᠡᠭᠯᠡᠭᠰᠡᠨ  ᠢᠶᠠᠷ᠂ ᠲᠡᠮᠦᠵᠢᠨ  ᠤ ᠲᠣᠬᠠᠢ  ᠶᠢᠨ ᠦᠶ᠎ᠡ  ᠎ ᠳᠤ ᠡᠵᠡᠯᠡᠭᠰᠡᠨ   ᠨᠣᠳᠤᠭ ᠲᠡᠪᠢᠰᠬᠡᠷ  3000 ᠲᠦᠮᠡᠨ ᠲᠡᠭᠰᠢ ᠲᠦᠷᠪᠡᠯᠵᠢᠨ ᠺᠢᠯᠣᠮᠧᠲᠷ ᠲᠤ ᠬᠦᠷᠴᠡᠢ᠃         ᠬᠦᠮᠦᠨ ᠲᠦᠷᠦᠯᠬᠢᠳᠡᠨ  ᠤ ᠲᠡᠣᠬᠡᠨ ᠲᠡᠭᠡᠷ᠎ᠡ ᠬᠠᠮᠤᠭ  ᠤᠨ ᠶᠡᠭᠡ ᠲᠠᠶᠢᠯᠠᠯᠳᠣᠭᠠᠨ  ᠢ ᠡᠭᠦᠰᠬᠡᠪᠡ᠄ ᠴᠢᠩᠬᠢᠰ ᠬᠠᠭᠠᠨ ᠬᠡᠳᠦᠶᠢᠪᠡᠷ ᠬᠤᠷᠢᠬᠠᠨ ᠲᠦᠮᠡᠨ ᠮᠣᠷᠢᠳᠣ  ᠴᠡᠷᠢᠭ ᠲᠠᠢ ᠪᠣᠯᠪᠠᠴᠣ ᠡᠸᠦ᠋ᠷᠦᠫᠡ ᠠᠽᠢᠶ᠎ᠠ ᠲᠢᠪ  ᠢ  ᠬᠡᠳᠦᠨ ᠠᠷᠪᠠᠨ ᠵᠢᠯ ᠬᠦᠨᠳᠡᠯᠡᠨ ᠭᠤᠯᠳᠣ ᠲᠣᠪᠳᠣᠯᠵᠣ᠂ ᠮᠣᠩᠭᠤᠯ  ᠤᠨ ᠬᠤᠶᠠᠭᠳᠣ ᠮᠣᠷᠢ ᠬᠠᠳᠣᠨ ᠭᠤᠣᠯ᠂ ᠬᠦᠬᠡ ᠮᠦᠷᠡᠨ᠂ ᠵᠦᠵᠢᠶᠠᠩ ᠮᠦᠷᠡᠨ  ᠤ ᠣᠰᠣ  ᠶᠢ  ᠣᠮᠳᠠᠯᠠᠭᠰᠠᠨ ᠢᠶᠠᠷ ᠪᠠᠷᠠᠬᠤ ᠦᠭᠡᠢ ᠠᠮᠦ᠋ ᠳ᠋ᠠᠷᠢᠶᠠ ᠭᠤᠣᠯ᠂ ᠡᠨᠡᠳᠬᠡᠭ  ᠤᠨ ᠭᠤᠣᠯ  ᠤᠨ ᠣᠰᠣ  ᠶᠢ ᠴᠣ᠋ ᠣᠮᠳᠠᠯᠠᠵᠣ᠂  ᠳ᠋ᠣᠨᠨᠦ᠋ ᠮᠦᠷᠡᠨ  ᠤ ᠣᠰᠣ ᠎ ᠶᠢ ᠠᠮᠳᠠᠯᠠᠪᠠ᠃         ᠦᠩᠭᠡᠷᠡᠭᠰᠡᠨ ᠮᠢᠩᠭᠠᠨ ᠵᠢᠯ  ᠤᠨ ᠲᠣᠷᠰᠢᠬᠢ ᠲᠡᠯᠡᠬᠡᠢ  ᠶᠢᠨ ᠬᠠᠮᠤᠭ ᠪᠠᠶᠠᠨ ᠬᠦᠮᠦᠨ ᠄ ᠮᠡᠳᠡᠭᠡᠯᠡᠯ  ᠢ ᠦᠨᠳᠦᠰᠦᠯᠡᠪᠡᠯ᠂ ᠦᠩᠭᠡᠷᠡᠭᠰᠡᠨ ᠮᠢᠩᠭᠠᠨ ᠵᠢᠯ  ᠤᠨ ᠲᠣᠷᠰᠢᠬᠢ ᠲᠡᠯᠡᠬᠡᠢ  ᠶᠢᠨ ᠬᠠᠮᠤᠭ   ᠪᠠᠶᠠᠨ 50  ᠬᠦᠮᠦᠨ  ᠎ ᠤ ᠲᠣᠳᠣᠷ᠎ᠠ   ᠲᠣᠮᠳᠠᠳᠣ ᠣᠯᠣᠰ  ᠤᠨ ᠬᠦᠮᠦᠨ  6  ᠪᠠᠶᠢᠵᠣ᠂ ᠴᠢᠩᠬᠢᠰ ᠬᠠᠭᠠᠨ ᠲᠦᠷᠦᠭᠦᠨ ᠳᠤ ᠵᠢᠭᠰᠠᠭᠠᠭᠳᠠᠵᠣ ᠪᠠᠶᠢᠳᠠᠭ᠃ ᠬᠡᠷᠪᠡ ᠡᠵᠡᠯᠡᠭᠰᠡᠨ ᠨᠣᠳᠤᠭ ᠲᠡᠪᠢᠰᠬᠡᠷ ᠵᠢᠴᠢ ᠡᠳ᠋ ᠬᠦᠷᠦᠩᠭᠡ ᠪᠠᠷ ᠪᠣᠳᠣᠪᠠᠯ ᠴᠢᠩᠬᠢᠰ ᠬᠠᠭᠠᠨ ︽ᠲᠡᠯᠡᠬᠡᠢ ᠶᠢᠨ ᠬᠠᠮᠤᠭ  ᠤᠨ ᠲᠣᠮᠣ ᠪᠠᠶᠠᠨ︾ ᠪᠣᠯᠬᠤ ᠶᠣᠰᠣᠳᠠᠢ᠃
 
ᠢᠷᠡᠯᠲᠡ᠄ ᠣᠯᠠᠭᠠᠨ ᠬᠠᠳᠠ  ᠶᠢᠨ ᠡᠳᠦᠷ  ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号